ᠨᠡᠪᠲᠡᠷᠡᠨ ᠤᠷᠤᠬᠤ
ᠪᠣᠷᠬᠠᠨ ᠤ ᠦᠨᠳᠦᠷ ᠪᠣᠶᠤ ᠨᠠᠷᠠᠨ ᠤ ᠵᠠᠢ

     ᠊᠊᠊᠊᠊᠊᠊᠊᠊᠊᠊᠊᠊   ᠡᠭᠦᠨ ᠢ ᠡᠶᠡᠯᠳᠡᠭ᠌ ᠭᠦᠯᠢᠶᠡᠵᠤ ᠠᠪᠣᠭᠠᠷᠠᠢ  ᠂

           ᠡ᠊ᠨᠳᠡ ᠡᠴᠡ ᠯᠠ ᠪᠦᠭᠦ ᠵᠣᠢ᠌ᠯ ᠡᠭᠢᠯᠡᠭᠦ ᠪᠣᠯᠤᠨ᠎ᠠ︕


ᠡᠭᠦᠯᠡ ᠰᠢᠭ᠌ ᠦᠨᠡᠨ ᠬᠠᠷᠠᠭ᠎ᠠ ᠬᠠᠮᠢᠭ᠎ᠠ ᠨᠢ ᠪᠠᠢ᠌ᠨ᠎ᠠ

ᠦᠷᠭᠦᠯᠵᠢ ᠰᠡᠳᠭᠢᠯ ᠤᠨ ᠥᠩᠭᠡ ᠪᠣᠯᠵᠤ

ᠥᠶᠡᠯᠵᠡᠭᠦᠷ ᠰᠠᠯᠭᠢᠨ ᠤ ᠰᠢᠪᠨᠡᠭᠡ ᠪᠠᠷ

ᠦᠳᠡ ᠶᠢᠨ ᠨᠠᠷᠠᠨ ᠢ ᠮᠠᠷᠳᠠᠭᠤᠯᠵᠤ

ᠡᠷᠢᠭ᠍ᠳᠡᠵᠤ ᠣᠳᠠᠭᠰᠠᠨ ᠣᠨ ᠵᠢᠯ ᠢ

ᠡᠭᠡᠷᠡᠮ᠎ᠡ ᠳᠠᠯ᠎ᠠ ᠶᠢᠨ ᠭᠦᠨ ᠳᠤ ᠪᠣᠯᠠᠰᠢᠯᠠᠪᠠ᠂

ᠡᠷᠡᠤ ᠪᠠᠨ ᠡᠷᠭᠦᠵᠤ ᠬᠠᠷᠠᠬᠤ ᠳᠤ ᠪᠣᠷᠬᠠᠨ ᠳᠠᠠᠳᠠ ᠪᠠᠢ᠌ᠯ᠎ᠠ︕


ᠡᠭᠦᠯᠡ ᠰᠢᠭ᠌ ᠬᠤᠳᠠᠯ ᠰᠠᠨᠠᠭ᠎ᠠ ᠬᠠᠮᠢᠭ᠎ᠠ ᠨᠢ ᠪᠠᠢ᠌ᠨ᠎ᠠ

ᠢᠯᠠ ᠪᠣᠯᠤᠭᠰᠠᠨ ᠢ ᠳᠠᠯᠳᠠᠯᠠᠵᠤ ᠨᠢᠭᠤᠨ

ᠢᠮ ᠪᠣᠯᠬᠤ ᠦᠨ᠎ᠡ ᠶᠢ ᠳᠠᠷᠤᠨ ᠨᠢᠭᠤᠨ

ᠥᠯᠢᠭᠡᠷ ᠤᠨ ᠥᠯᠢᠭᠡᠷ ᠪᠣᠯᠭᠠᠵᠤ

ᠥᠵᠡᠭ᠍ᠳᠡᠭᠦ ᠨᠠᠷᠠᠨ ᠤ ᠭᠡᠷᠡᠯ ᠢ ᠴᠢᠯᠦᠭᠡᠯᠡᠵᠤ

ᠥᠭᠡ ᠭᠡᠯᠡᠨ ᠤ ᠭᠦᠨ ᠳᠤ ᠪᠣᠯᠠᠰᠢᠯᠠᠪᠠ᠂

ᠦᠷ᠎ᠡ ᠬᠡᠦᠬᠡᠳ ᠶᠢᠡᠨ ᠬᠠᠷᠠᠬᠤ ᠳᠤ ᠨᠠᠷᠠ ᠳᠠᠠᠳᠠ ᠪᠠᠢ᠌ᠯ᠎ᠠ︕


ᠨᠠᠰᠤᠨ ᠤ ᠡᠴᠦᠰ ᠨᠠᠮᠤᠷ ᠪᠠᠢ᠌ᠪᠠ

ᠨᠠᠷᠠ ᠴᠤ ᠪᠠᠢ᠌ᠪᠠ᠂   ᠨᠠᠯᠠᠭᠠᠷ ᠴᠤ ᠪᠠᠢ᠌ᠪᠠ᠂

ᠨᠠᠮ᠎ᠠ ᠶᠢ ᠪᠣᠷᠬᠠᠨ ᠳᠤ ᠭᠦᠷᠭᠡᠭᠦ ᠨᠠᠮᠤᠷ ᠤᠨ

ᠨᠠᠷᠠᠨ ᠤ ᠵᠠᠢ ᠶᠢ ᠨᠠᠰᠢ ᠢᠷ᠎ᠠ ᠭᠡᠰᠡᠨ ᠪᠠᠢ᠌ᠪᠠ︕

ᠦᠨᠳᠦᠷ ᠭᠦᠷᠭᠦ ᠳᠤ ᠦᠯᠮᠠᠢ ᠳᠤᠤᠷ᠎ᠠ ᠥᠯᠦᠭᠡᠢ ᠪᠠᠢ᠌ᠪᠠ᠂

ᠥᠩᠭᠡᠷᠡᠭ᠍ᠰᠡᠨ ᠪᠦᠭᠦᠨ ᠤ ᠦᠩᠭᠡᠨ ᠳᠤ ᠨᠠᠷᠠᠨ ᠪᠠᠢ᠌ᠪᠠ᠂

ᠡᠪᠦᠷ ᠶᠢᠡᠨ ᠬᠠᠭᠠᠴᠠᠢ᠌ᠯᠠᠵᠤ ᠦᠮᠴᠢᠯᠠᠪᠠ᠂   ᠦᠨᠡᠨ ᠳ᠋ᠡᠭᠡᠨ

ᠦᠨᠳᠦᠷ ᠲᠤ ᠪᠠᠢ᠌ᠳᠠᠭ ᠨᠠᠷᠠ᠂   ᠪᠣᠷᠬᠠᠨ ᠬᠤᠶᠠᠷ

ᠡᠯᠢᠭᠡᠨ ᠲᠦᠰᠢᠶ᠎ᠠ ᠡᠩᠭᠡᠷ ᠲᠤ ᠪᠠᠢ᠌ᠪᠠ︕


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2011 ᠤᠨ ᠤ 05 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ