☆ ᠪᠣᠷᠵᠢᠭᠢᠨ·ᠥᠯᠵᠡᠢ᠌ᠳᠡᠯᠭᠡᠷ
ᠴᠢᠮᠢ᠋ᠢ ᠬᠠᠢ᠌ᠷᠠᠯᠠᠭᠰᠠᠨ ᠤ ᠣᠴᠢᠷ
ᠴᠢᠮᠢ᠋ᠢ ᠬᠠᠢ᠌ᠷᠠᠯᠠᠭᠰᠠᠨ ᠤ ᠣᠴᠢᠷ
ᠴᠡᠴᠡᠭ᠌ ᠪᠦᠭᠦᠨ ᠢ ᠢᠴᠢᠭᠡᠮᠡᠷ
ᠴᠡᠪᠠᠷᠭᠡᠨ ᠲᠦᠷᠦᠯ᠎ᠠ ᠭᠡᠵᠤ
ᠴᠢᠮᠢ᠋ᠢ ᠪᠢ ᠬᠠᠢ᠌ᠷᠠᠯᠠᠭᠠ ᠥᠭᠡᠢ
ᠴᠢᠩ ᠦᠨᠡᠨ ᠬᠠᠢ᠌ᠷ᠎ᠠ ᠪᠠᠷ ᠶᠢᠡᠨ
ᠣᠶᠠᠷᠠᠨ ᠬᠠᠢ᠌ᠯᠠᠨ ᠵᠢᠷᠭᠠᠨ᠎ᠠ ᠭᠡᠵᠤ
ᠬᠠᠢ᠌ᠷ᠎ᠠ ᠶᠢᠨ ᠦᠷᠢ ᠲᠡᠶ ᠵᠢᠷᠦᠭᠡ ᠪᠠᠨ
ᠭᠡᠦᠭᠡᠨ ᠬᠤᠩᠭ᠋ᠤᠷ ᠴᠢᠮ᠎ᠠ ᠳᠠᠭᠠᠨ ᠳᠤᠰᠢᠶᠠᠯ᠎ᠠ
ᠶᠢᠷᠳᠢᠠᠴᠤ ᠳᠤ ᠠᠮᠢ ᠨᠠᠰᠤ ᠥᠷᠭᠦᠯᠵᠢᠯᠡᠭᠦᠯᠵᠤ
ᠶᠡᠭᠡ ᠣᠯᠠᠨ ᠭᠠᠢ᠌ᠬᠠᠮᠰᠢᠭ ᠢ ᠪᠦᠳᠦᠭᠡᠳᠡᠭ᠌
ᠬᠤᠷᠸ᠎ᠠ ᠶᠢᠨ ᠮᠡᠷᠭᠡᠳ ᠤᠨ ᠪᠠᠢ᠌ᠭᠠᠯᠢᠭ ᠵᠢᠮ᠎ᠠ ᠪᠠᠷ
ᠬᠤᠶᠠᠭᠤᠯᠠ ᠪᠠᠨ ᠵᠢᠷᠭᠠᠶ᠎ᠠ᠃
1996.11.23
ᠵᠤᠨ ᠤ ᠡᠭᠢᠨ ᠤ ᠵᠥᠭᠡᠯᠡᠨ ᠪᠣᠷᠤᠭᠠᠨ
ᠵᠤᠨ ᠤ ᠡᠭᠢᠨ ᠤ ᠵᠥᠭᠡᠯᠡᠨ ᠪᠣᠷᠤᠭᠠᠨ
ᠵᠡᠭᠦᠳᠤᠨ ᠳᠤᠮᠳᠠᠭᠤᠷ ᠨᠠᠮᠢᠷᠠᠨ᠎ᠠ
ᠵᠥᠭᠡᠯᠡᠨ ᠴᠠᠭᠠᠨ ᠮᠥᠷᠦᠭᠡᠳᠦᠯ ᠊ᠤᠳ
ᠵᠥᠯᠭᠡ ᠰᠢᠭ᠌ ᠶᠢᠡᠨ ᠨᠤᠭᠤᠭᠠᠷᠠᠨ᠎ᠠ
ᠵᠢᠷᠤᠭ ᠤᠨ ᠰᠢᠭ᠌ ᠴᠡᠴᠡᠷᠯᠢᠭ᠌ ᠲᠤ
ᠴᠡᠴᠡᠭ᠌ ᠨᠢ ᠪᠣᠯᠵᠤ ᠭᠠᠩᠬᠤᠭᠰᠠᠨ
ᠵᠤᠯᠵᠠᠭᠠᠨ ᠨᠠᠰᠤᠨ ᠤ ᠳᠤᠷᠠᠰᠤᠯ
ᠵᠢᠷᠦᠭᠡ ᠶᠢ ᠵᠦᠰᠤᠨ ᠪᠦᠮᠪᠦᠷᠢᠨ᠎ᠡ
ᠬᠤᠠᠳᠠᠭ᠎ᠠ ᠳᠤᠭᠳᠠᠭᠰᠠᠨ ᠬᠠᠴᠠᠷ
ᠬᠠᠢ᠌ᠷ᠎ᠠ ᠶᠢᠨ ᠥᠩᠭᠡ ᠪᠠᠷ ᠳᠤᠶᠠᠭᠠᠷᠠᠵᠤ
ᠪᠣᠷᠤᠭᠠᠨ ᠤ ᠴᠡᠩᠭᠡᠷ ᠳᠤᠰᠤᠯ ᠤᠳ ᠰᠢᠭ᠌
ᠪᠣᠳᠤᠯ ᠤᠨ ᠬᠤᠷ᠎ᠠ ᠪᠠᠨ ᠱᠠᠭᠢᠭᠤᠯᠵᠤ
ᠪᠣᠯᠪᠠᠷᠠᠢ ᠬᠠᠴᠠᠷ ᠶᠢᠡᠨ ᠡᠯᠢᠭᠡᠨ ᠳᠤ ᠮᠢᠨᠢ ᠨᠠᠭᠠᠭᠰᠠᠨ
ᠪᠣᠴᠠᠵᠤ ᠢᠷᠡᠭᠦ ᠦᠭᠡᠶ
ᠪᠣᠳᠤᠭ ᠨᠢ ᠣᠨᠠᠭᠰᠠᠨ ᠳᠤᠷᠠᠳᠬᠠᠯ ᠤᠳ
ᠪᠣᠷᠤ ᠵᠢᠷᠦᠭᠡᠨ ᠳᠡᠭᠡᠷ᠎ᠡ
ᠨᠠᠮᠤᠷ ᠤᠨ ᠨᠠᠪᠴᠢᠰ ᠰᠢᠭ ᠭᠦᠡᠳᠦᠭᠡᠨ ᠪᠠᠭᠤᠬᠤ ᠳᠤ
ᠳᠤᠷ᠎ᠠ ᠵᠢᠷᠦᠭᠡ ᠪᠠᠨ ᠳᠤᠰᠢᠶᠠᠨ᠎ᠠ ᠳ᠋ᠠ ᠭᠡᠵᠤ
ᠳᠤᠭᠳᠤᠯᠵᠤ ᠶᠠᠪᠣᠭᠰᠠᠨ ᠬᠤᠷᠢᠨ ᠬᠤᠶᠠᠷ ᠨᠠᠰᠤ ᠪᠠᠨ
ᠶᠠᠭᠠᠭᠢᠬᠤ ᠶᠢᠨ ᠠᠷᠭ᠎ᠠ ᠦᠭᠡᠶ ᠵᠢᠮᠠᠯᠠᠵᠤ
ᠣᠳᠠᠰᠤ ᠨᠢ ᠳᠠᠰᠤᠷᠠᠭᠰᠠᠨ ᠺᠢᠲ᠋ᠠᠷ ᠶᠢᠡᠷ
ᠣᠷᠠᠨ ᠭᠤᠨᠢᠭ ᠶᠢᠡᠨ ᠭᠦᠭ᠍ᠵᠢᠮᠳᠡᠵᠤ ᠰᠤᠷᠤᠯ᠎ᠠ᠃
1996.4.16
ᠵᠤᠬᠢᠶᠠᠭᠴᠢ ᠶᠢᠨ ᠬᠠᠶᠢᠭ᠄ ᠳ᠋ᠠᠪᠠᠨ ᠪᠠᠯᠭᠠᠰᠤ
ᠵᠤᠬᠢᠶᠠᠭᠴᠢ᠄ ᠪᠣᠷᠵᠢᠭᠢᠨ·ᠥᠯᠵᠡᠢ᠌ᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2009 ᠤᠨ ᠤ 12 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ