☆ ᠽᠠᠠᠳᠠᠨ
ᠠᠷᠠᠤᠨ ᠤᠨ ᠠᠮᠠᠨ ᠥᠯᠢᠭᠡᠷ
ᠭᠦᠭᠡ ᠪᠣᠬ᠎ᠠ ᠶᠢᠨ ᠥᠯᠢᠭᠡᠷ
ᠨᠠᠯᠠᠭᠠᠷ ᠨᠠᠮᠤᠷ ᠤᠨ ᠨᠠᠢ᠌ᠷᠰᠠᠭ ᠰᠠᠢ᠌ᠬᠠᠨ ᠨᠢᠭᠡᠨ ᠡᠳᠦᠷ ᠭᠦᠭᠡ ᠪᠣᠬ᠎ᠠ ᠰᠥᠷᠦᠭ᠌ ᠡᠴᠡ ᠪᠠᠨ ᠰᠠᠯᠵᠤ ᠢᠳᠡᠰᠢᠯᠡᠭ᠍ᠰᠡᠭᠡᠷ ᠪᠠᠢ᠌ᠭᠠᠤᠨ ᠠᠭᠯᠠᠭ ᠣᠢ ᠶᠢᠨ ᠠᠮᠠᠨ ᠳᠤ ᠭᠦᠷᠴᠤ ᠢᠷᠡᠭ᠍ᠰᠡᠨ ᠭᠡᠨ᠎ᠡ᠃
ᠭᠦᠭᠡ ᠪᠣᠬ᠎ᠠ 《ᠵᠠ ᠶᠠᠭᠠᠭᠢᠬᠤᠪ᠂ ᠰᠥᠷᠦᠭ᠌ ᠡᠴᠡ ᠪᠠᠨ ᠨᠢᠭᠡᠨᠲᠡ ᠵᠠᠢ᠌ᠳᠠᠭᠰᠠᠨ ᠶᠤᠮ ᠴᠢᠨᠢ ᠢᠷᠡᠭ᠍ᠰᠡᠨ ᠡᠴᠡ ᠪᠠᠨ ᠠᠭᠯᠠᠭ ᠣᠢ ᠶᠢᠨ ᠰᠢᠮ᠎ᠠ ᠲᠡᠶ ᠡᠪᠠᠰᠤ ᠶᠢ ᠭᠡᠭᠡᠯ ᠭᠠᠷᠳᠠᠯ᠎ᠠ ᠢᠳᠡᠭᠡᠳ ᠪᠣᠴᠠᠬᠤ ᠳᠤ ᠨᠠᠳᠠᠳᠤ ᠶᠠᠮᠠᠷ ᠠᠶᠤᠬᠤ ᠣᠴᠢᠷ ᠪᠠᠢ᠌ᠬᠤ ᠦᠦ︕》 ᠭᠡᠵᠤ ᠪᠠᠷᠳᠠᠮ ᠪᠣᠳᠤᠵᠤ ᠦᠨᠳᠦᠷ ᠡᠪᠠᠰᠤ ᠡᠴᠡ ᠭᠡᠯᠡ ᠪᠠᠨ ᠣᠷᠢᠶᠠᠯᠭᠠᠨ ᠢᠳᠡᠭᠦ ᠭᠡᠵᠤ ᠪᠠᠢ᠌ᠳᠠᠯ᠎ᠠ 《ᠰᠦᠷᠳ᠋》 ᠳᠠᠭᠤᠨ ᠭᠠᠷᠬᠤ ᠶᠢᠨ ᠠᠯᠳᠠ ᠳᠤ ᠭᠦᠭᠡ ᠪᠣᠬ᠎ᠠ ᠶᠢ ᠡᠷᠭᠢᠵᠤ ᠬᠠᠷᠠᠳᠠᠯ᠎ᠠ ᠰᠠᠷᠠᠯ ᠴᠢᠨ᠋ᠸ᠎ᠠ ᠭᠡᠳᠥᠢ᠌ᠨ᠂ ᠣᠢ ᠮᠤᠳᠤᠨ ᠳᠤᠮᠳᠠ ᠡᠴᠡ ᠦᠰᠦᠷᠤᠨ ᠭᠠᠷᠴᠤ ᠢᠷᠡᠭᠡᠳ ᠭᠦᠭᠡ ᠪᠤᠬ᠎ᠠ ᠶᠢ ᠭᠡᠷᠤᠨ ᠭᠦᠡᠳᠡᠯᠢᠰᠦᠨ ᠵᠤᠭᠰᠤᠵᠤ᠂ ᠠᠷᠠᠭᠠᠳᠤ ᠰᠢᠳᠤ ᠪᠠᠨ ᠠᠷᠵᠠᠢ᠌ᠯᠭᠠᠨ ᠣᠨᠢᠭᠠᠷ ᠨᠢᠳᠤ ᠪᠠᠨ ᠠᠨᠢᠪᠴᠢᠯᠠᠨ᠄ 《ᠬᠨ ᠬᠨ ᠪᠢ ᠭᠡᠳᠤᠨ ᠡᠳᠦᠷ ᠪᠦᠭᠦᠯᠢᠳᠡᠭᠡᠳᠦᠢ ᠭᠡᠴᠡᠭᠦᠤ ᠦᠯᠦᠰᠴᠤ ᠪᠠᠢ᠌ᠭᠰᠠᠨ ᠶᠤᠮ᠂ ᠣᠳᠤ ᠴᠤ ᠨᠢᠭᠡ ᠳᠠᠨ ᠤ ᠮᠢᠬ᠎ᠠ ᠪᠠᠷ ᠭᠡᠳᠡᠰᠤ ᠪᠠᠨ ᠳᠦᠭᠦᠷᠭᠡᠵᠤ᠂ ᠳᠠᠭᠠᠳᠠᠢ᠌ᠬᠠᠨ ᠨᠢᠭᠡ ᠣᠠᠳᠠᠵᠤ ᠠᠮᠠᠷᠠᠬᠤ ᠰᠠᠨ᠃》 ᠭᠡᠯᠡ᠃
ᠭᠦᠭᠡ ᠪᠣᠬ᠎ᠠ ᠰᠠᠷᠠᠯ ᠴᠢᠨ᠋ᠸ᠎ᠠ ᠶᠢᠨ ᠰᠦᠷ ᠡᠴᠡ ᠠᠶᠤᠭᠰᠠᠨ ᠪᠣᠯᠪᠠᠴᠤ ᠪᠠᠶ᠎ᠠ ᠪᠠᠨ ᠳᠤᠭᠳᠠᠭᠤᠨ ᠪᠠᠢ᠌ᠯᠭᠠᠵᠤ᠄ 《ᠪᠣᠬ᠎ᠠ ᠶᠢᠨ ᠠᠷᠠᠰᠤ ᠨᠢ ᠵᠤᠵᠠᠭᠠᠨ᠂ ᠮᠢᠬ᠎ᠠ ᠨᠢ ᠰᠢᠩᠭᠡᠭ᠌ ᠠᠮᠳᠠᠳᠠᠢ ᠭᠡᠵᠤ ᠭᠦᠮᠦᠰ ᠭᠡᠯᠡᠯᠴᠡᠳᠡᠭ᠌ ᠶᠤᠮ᠂ ᠡᠮᠦᠨ᠎ᠡ ᠠᠢ᠌ᠯ ᠳᠤ ᠦᠨᠦᠳᠤᠷ ᠶᠠᠭ ᠰᠠᠢ᠌ᠬᠠᠨ ᠬᠤᠷᠢᠮ ᠳᠠᠯᠪᠢᠵᠤ ᠪᠠᠢ᠌ᠨ᠎ᠠ᠃ ᠣᠴᠢᠵᠤ ᠬᠤᠷᠢᠮ ᠤᠨ ᠪᠣᠳᠠᠭ᠎ᠠ ᠢᠳᠠᠪᠠᠯ ᠶᠠᠮᠠᠷ ᠰᠠᠢ᠌ᠬᠠᠨ ᠪᠣᠢ︖》 ᠭᠡᠰᠡᠨ ᠳᠤ ᠴᠢᠨ᠋ᠸ᠎ᠠ᠄ 《ᠳᠠᠷᠠ ᠭᠦᠮᠤᠨ ᠮᠤᠠᠳᠠᠭ ᠭᠡᠭ᠍ᠴᠢ ᠭᠡᠴᠡᠭᠦᠤ ᠶᠤᠮ ᠳ᠋ᠡ᠂ ᠨᠠᠮᠢ᠋ᠢ ᠠᠯᠠᠴᠢᠬᠠᠬᠤ ᠦᠭᠡᠶ ᠦᠦ︖ ᠪᠢ ᠣᠴᠢᠬᠤ ᠦᠭᠡᠶ᠃》 ᠭᠡᠪᠡ᠃
ᠪᠣᠬ᠎ᠠ᠄ 《ᠳᠠ ᠣᠴᠢᠶ᠎ᠠ ᠭᠡᠵᠤ ᠰᠠᠨᠠᠵᠤ ᠪᠠᠢ᠌ᠪᠠᠯ ᠨᠠᠳᠠᠳᠤ ᠠᠷᠭ᠎ᠠ ᠪᠠᠢ᠌ᠨ᠎ᠠ᠂ ᠳᠠ ᠨᠠᠳᠠ ᠶᠢ ᠣᠨᠠᠴᠢᠬᠠ᠂ ᠳᠡᠭᠡᠭᠡᠳ ᠬᠤᠶᠠᠭᠤᠯᠠ ᠬᠤᠷᠢᠮ ᠳᠤ ᠪᠠᠭᠤᠪᠠᠯ ᠬᠠᠷᠢᠨ ᠣᠷᠤᠭ ᠡᠴᠡ ᠢᠷᠡᠭ᠍ᠰᠡᠨ ᠭᠡᠢ᠌ᠴᠢᠨ ᠭᠡᠳ ᠣᠴᠢᠷᠳᠠᠬᠠᠨ ᠵᠤᠴᠢᠯᠠᠬᠤ ᠮᠠᠭᠠᠤᠨ ᠰᠢᠤ᠃》 ᠭᠡᠯᠡ᠃
ᠬᠤᠪᠳᠤᠭ ᠴᠢᠨ᠋ᠸ᠎ᠠ ᠭᠡᠳᠥᠢ᠌ᠨ ᠬᠤᠨᠢᠨ ᠰᠢᠯᠤᠨ ᠳᠤ ᠳᠤᠷᠠᠯᠠᠵᠤ ᠰᠢᠯᠤᠰᠤ ᠪᠠᠨ ᠭᠦᠤᠨ ᠭᠦᠤᠨ ᠵᠠᠯᠭᠢᠵᠤ ᠭᠦᠭᠡ ᠪᠣᠬ᠎ᠠ ᠶᠢᠨ ᠭᠡᠯᠡᠭ᠍ᠰᠡᠨ ᠶᠤᠰᠤᠭᠠᠷ ᠳᠡᠭᠦᠨ ᠢ ᠣᠨᠠᠴᠢᠬᠠᠭᠠᠤᠨ ᠡᠮᠦᠨ᠎ᠡ ᠠᠢ᠌ᠯ ᠵᠥᠭ᠌ ᠶᠠᠪᠣᠪᠠ᠃
ᠠᠢ᠌ᠯ ᠤᠨ ᠵᠠᠬ᠎ᠠ ᠳᠤ ᠭᠦᠷᠭᠦ ᠳᠤ ᠴᠠᠪᠠᠷ ᠴᠠᠭᠠᠨ ᠮᠤᠩᠭ᠋ᠤᠯ ᠭᠡᠷ ᠤᠳ ᠪᠦᠮᠪᠤᠢᠯᠴᠡᠵᠤ᠂ ᠵᠠᠯᠠᠨ ᠳᠡᠭᠡᠷ᠎ᠡ ᠣᠯᠠᠨ ᠮᠤᠷᠢᠳ ᠣᠶᠠᠭᠠᠳᠠᠢ᠂ ᠭᠡᠷ ᠢ ᠳᠤᠭᠤᠷᠢᠭᠠᠤᠨ ᠣᠯᠠᠭᠠᠨ᠂ ᠨᠤᠭᠤᠭᠠᠨ᠂ ᠭᠦᠭᠡ᠂ ᠪᠣᠷᠤ ᠥᠩᠭᠡ ᠪᠦᠷᠢ ᠶᠢᠨ ᠳᠡᠷᠯᠢᠭ᠌ ᠡᠮᠦᠰᠦᠭ᠍ᠰᠡᠨ ᠭᠦᠮᠦᠰ ᠨᠠᠭᠠᠰᠢ ᠴᠠᠭᠠᠰᠢ ᠶᠠᠭᠠᠷᠠᠯᠳᠤᠵᠤ᠂ ᠣᠶᠠᠩᠭ᠋ᠠᠳᠤ ᠰᠠᠢ᠌ᠬᠠᠨ ᠣᠷᠳᠤ ᠶᠢᠨ ᠳᠠᠭᠤᠤ ᠬᠠᠩᠭᠢᠨᠠᠨ ᠴᠤᠤᠷᠢᠶᠠᠳᠤᠵᠤ ᠰᠤᠨᠤᠰᠳᠠᠨ᠎ᠠ᠃
ᠨᠢᠭᠡ ᠬᠡᠦᠬᠡᠳ᠂ ᠰᠠᠷᠠᠯ ᠴᠢᠨ᠋ᠸ᠎ᠠ ᠭᠦᠭᠡ ᠪᠣᠬ᠎ᠠ ᠣᠨᠤᠭᠠᠤᠨ ᠢᠷᠠᠯ᠎ᠠ ᠶᠢ ᠣᠯᠵᠤ ᠬᠠᠷᠠᠭᠠᠤᠨ᠄ 《ᠳᠠ ᠨᠡᠷ ᠥᠵᠡᠭᠡᠴᠢ ᠳ᠋ᠠ᠂ ᠴᠢᠨ᠋ᠸ᠎ᠠ ᠭᠦᠭᠡ ᠪᠣᠬ᠎ᠠ ᠣᠨᠤᠭᠠᠤᠨ ᠢᠷᠠᠯ᠎ᠠ︕》 ᠭᠡᠵᠤ ᠬᠠᠰᠭᠢᠷᠬᠤ ᠶᠢ ᠰᠤᠨᠤᠰᠤᠭᠰᠠᠨ ᠣᠯᠠᠨ ᠭᠦᠮᠦᠰ ᠣᠷᠳᠤ ᠶᠢᠨ ᠳᠠᠭᠤᠤ ᠪᠠᠨ ᠣᠶᠠᠩᠭ᠋ᠠᠯᠠᠬᠤ ᠪᠠᠨ ᠵᠤᠭᠰᠤᠵᠤ᠂ ᠣᠷᠭ᠎ᠠ᠂ ᠪᠢᠯᠠᠭᠤ ᠪᠠᠨ ᠠᠪᠴᠠᠭᠠᠵᠤ 《ᠴᠢᠨ᠋ᠸ᠎ᠠ ᠶᠢ ᠠᠯᠠᠶ᠎ᠠ︕ ᠴᠢᠨ᠋ᠸ᠎ᠠ ᠶᠢ ᠠᠯᠠᠶ᠎ᠠ︕》 ᠪᠠᠷᠭᠢᠷᠠᠯᠴᠠᠨ ᠭᠦᠳᠡᠯᠦᠯᠴᠡᠪᠡ᠃
ᠡᠳᠡᠭᠡᠷ ᠢ ᠣᠯᠵᠤ ᠬᠠᠷᠠᠭᠰᠠᠨ ᠴᠢᠨ᠋ᠸ᠎ᠠ ᠥᠩᠭᠦᠯᠴᠡᠭ᠌ ᠶᠢᠠᠨ ᠬᠠᠭᠠᠷᠠᠳᠠᠯ᠎ᠠ ᠠᠶᠤᠵᠤ ᠭᠦᠭᠡ ᠪᠣᠬ᠎ᠠ ᠶᠢᠨ ᠨᠢᠷᠤᠭᠤᠨ ᠳᠡᠭᠡᠷ᠎ᠡ ᠡᠴᠡ ᠭᠦᠷᠪᠠᠳᠡᠯ᠎ᠡ ᠦᠰᠦᠷᠤᠨ ᠪᠠᠭᠤᠵᠤ ᠭᠤᠳ ᠭᠠᠷᠤᠭᠠᠤᠨ ᠳᠤᠳᠠᠭᠠᠵᠠᠢ᠃ ᠳᠤᠳᠠᠭᠠᠭᠰᠠᠭᠠᠷ ᠳᠤᠳᠠᠭᠠᠭᠰᠠᠭᠠᠷ ᠪᠠᠷᠠᠭᠤᠨ ᠭᠦᠳᠦᠯ ᠤᠨ ᠣᠷᠤᠢ ᠳᠡᠭᠡᠷ᠎ᠡ ᠭᠦᠷᠴᠤ ᠣᠴᠣᠢ᠌ᠵᠤ ᠰᠠᠭᠤᠭᠠᠤᠨ 《ᠭᠦᠭᠡ ᠪᠣᠬ᠎ᠠ ᠶᠢ ᠣᠨᠤᠨ᠎ᠠ ᠭᠡᠭ᠍ᠴᠢ ᠪᠢ ᠡᠵᠡᠨ ᠨᠢ ᠴᠤ ᠪᠣᠯᠵᠠᠢ ᠦᠦ ᠳ᠋ᠠ︖ ᠥ ᠥ ···· ᠬᠡᠦᠬᠡᠳ ᠤᠨ ᠬᠤᠷᠢᠮ ᠳᠤ ᠣᠴᠢᠨ᠎ᠠ ᠭᠡᠭ᠍ᠴᠢ ᠪᠢ ᠨᠠᠭ᠎ᠠ ᠠᠪᠣ ᠨᠢ ᠴᠤ ᠪᠣᠯᠵᠠᠢ ᠦᠦ ᠳ᠋ᠠ︖ ᠥ ᠡᠥ᠋····》 ᠭᠡᠵᠤ ᠭᠤᠮᠤᠳᠠᠯᠳᠠᠢ᠌ᠬᠠᠨ ᠣᠯᠢᠪᠠ ᠭᠡᠨ᠎ᠡ᠃
ᠬᠤᠳᠠᠯᠴᠢ ᠭᠦᠤ
ᠬᠤᠨᠢᠴᠢᠨ ᠭᠦᠤ ᠡᠳᠦᠷ ᠳᠤᠵᠢ ᠭᠡᠭᠡᠷ᠎ᠡ ᠭᠦᠳᠡᠭᠡ ᠬᠤᠨᠢ ᠪᠠᠨ ᠬᠠᠷᠢᠭᠤᠯᠵᠤ ᠪᠠᠢ᠌ᠭᠰᠠᠭᠠᠷ ᠣᠢ᠌ᠤᠠᠬᠤ ᠳᠤ ᠪᠠᠨ ᠴᠢᠨ᠋ᠸ᠎ᠠ ᠢᠷᠠᠯ᠎ᠠ︕ ᠴᠢᠨ᠋ᠸ᠎ᠠ ᠢᠷᠠᠯ᠎ᠠ︕ ᠭᠡᠵᠤ ᠦᠨᠳᠦᠷ ᠳᠠᠭᠤᠨ ᠶᠢᠡᠷ ᠬᠠᠰᠭᠢᠷᠠᠪᠠ᠃ ᠠᠢ᠌ᠯ ᠤᠨ ᠭᠢᠨᠢ ᠬᠤᠨᠢᠴᠢᠨ ᠭᠦᠤ ᠶᠢᠨ ᠬᠠᠰᠭᠢᠷᠬᠤ ᠶᠢ ᠣᠯᠵᠤ ᠰᠤᠨᠤᠰᠤᠭᠠᠤᠨ ᠪᠢᠯᠠᠭᠤ ᠰᠢᠳᠠᠮ ᠪᠠᠷᠢᠯᠴᠠᠨ ᠭᠦᠶᠦᠯᠴᠡᠨ ᠢᠷᠡᠭᠡᠳ᠄ 《ᠴᠢᠨ᠋ᠸ᠎ᠠ ᠬᠠᠮᠢᠭ᠎ᠠ ᠪᠠᠢ᠌ᠬᠤ ᠪᠣᠢ︖》 ᠭᠡᠵᠤ ᠠᠰᠠᠭᠤᠭᠰᠠᠨ ᠳᠤ ᠬᠤᠨᠢᠴᠢᠨ ᠭᠦᠤ᠄ 《ᠪᠢ ᠣᠢ᠌ᠤᠠᠬᠤ ᠳᠤ ᠪᠠᠨ ᠬᠤᠳᠠᠯ ᠬᠠᠰᠭᠢᠷᠤᠯ᠎ᠠ᠃》 ᠭᠡᠵᠤ ᠠᠯᠢᠶᠠᠷᠬᠠᠨ ᠢᠨᠢᠶᠠᠪᠠ᠃
ᠪᠠᠰᠠ ᠨᠢᠭᠡᠨ ᠣᠳᠠᠭ᠎ᠠ ᠬᠤᠨᠢᠴᠢᠨ ᠭᠦᠤ ᠰᠥᠷᠦᠭ᠌ ᠤᠨ ᠶᠢᠡᠨ ᠵᠠᠬ᠎ᠠ ᠳᠤ ᠨᠠᠭᠠᠳᠴᠤ ᠪᠠᠢ᠌ᠭᠰᠠᠭᠠᠷ ᠣᠢ᠌ᠤᠠᠬᠤ ᠳᠤ ᠪᠠᠨ ᠮᠦᠨ ᠯᠠ᠂ ᠴᠢᠨ᠋ᠸ᠎ᠠ ᠢᠷᠠᠯ᠎ᠠ︕ ᠴᠢᠨ᠋ᠸ᠎ᠠ ᠢᠷᠠᠯ᠎ᠠ︕ ᠭᠡᠵᠤ ᠬᠰᠭᠢᠷᠬᠤ ᠶᠢ ᠣᠯᠵᠤ ᠰᠤᠨᠤᠰᠤᠭᠰᠠᠨ ᠭᠡᠳᠤᠨ ᠭᠦᠮᠤᠨ ᠭᠦᠷᠦᠯᠴᠡᠨ ᠢᠷᠡᠭᠡᠳ ᠥᠵᠡᠭᠦ ᠳᠤ ᠬᠤᠨᠢᠴᠢᠨ ᠭᠦᠤ ᠮᠦᠨ ᠯᠠ ᠠᠵᠢᠭ ᠴᠤ ᠦᠭᠡᠶ ᠢᠨᠢᠶᠠᠨ ᠵᠤᠭᠰᠤᠨ᠎ᠠ᠃
ᠨᠢᠭᠡᠨ ᠡᠳᠦᠷ ᠪᠠᠷᠠᠭᠤᠨ ᠬᠣᠢ᠌ᠨ᠎ᠠ ᠡᠴᠡ ᠭᠡᠨᠡᠳᠲᠡ ᠪᠠᠷᠠᠭᠠᠨ ᠡᠭᠦᠯᠡ ᠭᠠᠷᠴᠤ᠂ ᠳᠡᠭ᠍ᠷᠢ ᠪᠦᠷᠭᠦᠢ᠌ᠭᠡᠳ ᠬᠤᠨᠢᠨ ᠰᠥᠷᠦᠭ᠌ ᠨᠢ ᠳᠤᠭᠳᠠᠪᠣᠷᠢ ᠠᠯᠳᠠᠨ ᠪᠠᠢ᠌ᠳᠠᠯ᠎ᠠ᠂ ᠥᠨᠡᠭᠡᠷ ᠨᠢᠭᠡ ᠴᠢᠨ᠋ᠸ᠎ᠠ ᠰᠥᠷᠦᠭ᠌ ᠢ ᠨᠢ ᠳᠠᠭᠠᠷᠢᠨ ᠣᠷᠤᠵᠤ ᠢᠷᠡᠭᠦ ᠳᠤ ᠬᠤᠨᠢᠴᠢᠨ ᠭᠦᠤ ᠣᠳᠤ ᠰᠠᠶᠢ ᠵᠢᠩᠭᠢᠨᠢ ᠴᠢᠨ᠋ᠸ᠎ᠠ ᠶᠢ ᠣᠯᠵᠤ ᠬᠠᠷᠠᠭᠰᠠᠨ ᠳᠤ ᠪᠠᠨ ᠵᠢᠷᠦᠭᠡ ᠪᠠᠨ ᠬᠠᠭᠠᠷᠠᠳᠠᠯ᠎ᠠ ᠠᠶᠤᠵᠤ᠂ ᠪᠠᠴᠢᠮᠳᠠᠨ ᠰᠠᠠᠳᠤᠷᠴᠤ᠄ 《ᠴᠢᠨ᠋ᠸ᠎ᠠ ᠢᠷᠠᠯ᠎ᠠ︕ ᠴᠢᠨ᠋ᠸ᠎ᠠ ᠢᠷᠠᠵᠠᠢ︕ ᠭᠦᠮᠤᠨ ᠢᠷ᠎ᠠ︕》 ᠭᠡᠴᠢᠨᠡᠨ ᠬᠰᠭᠢᠷᠤᠭᠰᠠᠨ ᠳᠤ ᠠᠢ᠌ᠯ ᠤᠨ ᠭᠦᠮᠦᠰ ᠨᠢ ᠣᠯᠵᠤ ᠰᠤᠨᠤᠰᠤᠭᠰᠠᠨ ᠴᠤ᠂ ᠡᠨᠡ ᠬᠡᠦᠬᠡᠳ ᠪᠠᠰᠠ ᠯᠠ ᠣᠢ᠌ᠤᠠᠬᠤ ᠳᠤ ᠪᠠᠨ ᠬᠤᠳᠠᠯ ᠬᠠᠰᠭᠢᠷᠴᠤ ᠪᠠᠢ᠌ᠯᠭᠦᠢ ᠭᠡᠳ ᠠᠵᠢᠭ ᠴᠤ ᠦᠭᠡᠶ ᠴᠠᠢ ᠪᠠᠨ ᠣᠤᠭᠤᠵᠤ ᠰᠠᠭᠤᠵᠠᠭᠠᠬᠤ ᠳᠤ ᠬᠠᠷᠢᠨ ᠬᠤᠨᠢᠴᠢᠨ ᠭᠦᠤ ᠶᠢᠨ ᠣᠯᠠᠩᠭᠢ ᠬᠤᠨᠢ ᠶᠢ ᠨᠢ ᠴᠢᠨ᠋ᠸ᠎ᠠ ᠪᠠᠷᠢᠵᠤ ᠢᠳᠠᠪᠠ ᠭᠡᠨ᠎ᠡ᠃
ᠪᠦᠳᠦᠨ᠎ᠡ ᠶᠢᠨ ᠥᠯᠢᠭᠡᠷ
ᠨᠢᠭᠡᠨ ᠡᠳᠦᠷ ᠥᠨᠡᠭᠡ ᠥᠯᠦᠰᠦᠭᠡᠳ ᠳᠡᠰᠭᠦ ᠠᠯᠳᠠᠬᠤ ᠳᠤ ᠪᠠᠨ ᠨᠢᠭᠡ ᠶᠠᠭᠤᠮ᠎ᠠ ᠣᠯᠵᠤ ᠢᠳᠡᠭᠦ ᠶᠢ ᠭᠦᠰᠡᠵᠤ ᠪᠣᠳᠠ ᠪᠣᠷᠤᠯᠵᠢ ᠶᠢ ᠦᠨᠦᠷᠯᠠᠨ ᠱᠤᠩᠰᠢᠵᠤ ᠪᠠᠢ᠌ᠳᠠᠯ᠎ᠠ᠂ ᠬᠠᠷᠠᠭᠠᠨ᠎ᠠ ᠶᠢᠨ ᠪᠣᠳᠠᠨ ᠡᠴᠡ ᠨᠢᠭᠡᠨ ᠪᠦᠳᠦᠨ᠎ᠡ 《ᠫᠦᠷᠳ᠋》 ᠭᠢᠨ ᠨᠢᠰᠤᠨ ᠭᠠᠷᠬᠤ ᠶᠢ ᠵᠠᠪᠳᠤᠳᠠᠯ᠎ᠠ ᠥᠨᠡᠭᠡ 《ᠬᠠᠪ》 ᠭᠡᠳ ᠡᠮᠭᠦᠨ ᠠᠪᠣᠪᠠ᠃
ᠥᠨᠡᠭᠡ ᠶᠢᠨ ᠠᠮᠠᠨ ᠳᠤ ᠣᠷᠤᠭᠰᠠᠨ ᠪᠦᠳᠦᠨ᠎ᠡ ᠳᠤᠳᠠᠭᠠᠬᠤ ᠶᠢ ᠪᠣᠳᠤᠨ ᠣᠬᠠᠭᠠᠨ ᠭᠠᠷᠭᠠᠵᠤ᠄ 《ᠥᠨᠡᠭᠡ ᠭᠤᠸᠠᠢ᠂ ᠥᠨᠡᠭᠡ ᠭᠤᠸᠠᠢ ᠡ︕ ᠳᠠ ᠲᠦᠷ ᠰᠤᠨᠤᠰᠴᠤ ᠪᠠᠢ᠂ ᠢᠳᠡᠭᠦ ᠶᠢ ᠪᠣᠤ ᠶᠠᠭᠠᠷᠠ︕ ᠮᠠᠨ ᠤ ᠪᠦᠳᠦᠨ᠎ᠡ ᠶᠢᠨ ᠮᠢᠬ᠎ᠠ ᠶᠢ ᠠᠩᠰᠠᠩ ᠠᠩᠰᠠᠩ ᠭᠡᠵᠤ ᠢᠳᠠᠪᠠᠯ ᠠᠮᠳᠠᠳᠠᠢ ᠶᠤᠮ ᠡ᠂ ᠤᠮᠦᠡᠭ᠌ ᠤᠮᠦᠡᠭ᠌ ᠭᠡᠵᠤ ᠢᠳᠠᠪᠠᠯ ᠥᠮᠦᠭᠡᠢ ᠶᠤᠮ ᠡ︕》 ᠭᠡᠭᠦ ᠶᠢ ᠥᠨᠡᠭᠡ ᠰᠤᠨᠤᠰᠤᠭᠠᠤᠨ ᠥᠨᠡᠭᠡ ᠠᠩᠰᠠᠩ ᠠᠩᠰᠠᠩ ᠢᠳᠡᠭᠦ ᠭᠡᠳ ᠠᠮᠠ ᠪᠠᠨ ᠠᠩᠭ᠋ᠠᠢ᠌ᠳᠠᠯᠠ᠂ ᠪᠦᠳᠦᠨ᠎ᠡ ᠥᠨᠡᠭᠡ ᠶᠢᠨ ᠠᠮᠠᠨ ᠡᠴᠡ 《ᠫᠦᠷᠳ᠋》 ᠭᠢᠨ ᠨᠢᠰᠤᠨ ᠵᠢᠭᠤᠳᠤᠭᠰᠠᠨ ᠶᠤᠮ ᠭᠡᠨ᠎ᠡ᠃
ᠴᠠᠴᠠᠨ ᠡᠪᠦᠭᠡᠨ ᠢ ᠭᠠᠷᠳᠠᠭᠠᠭᠰᠠᠨ ᠨᠢ
ᠴᠠᠴᠠᠨ ᠡᠪᠦᠭᠡᠨ ᠨᠢᠷᠤᠭᠤ ᠡᠭᠦᠷᠴᠤ᠂ ᠰᠠᠬᠠᠯ ᠰᠢᠪᠳᠤᠷᠤᠨ᠄ 《ᠡᠪᠦᠭᠡᠨ ᠪᠢ ᠮᠡᠷᠭᠡᠨ ᠭᠦᠮᠤᠨ᠂ ᠡᠳᠦᠭᠡ ᠪᠣᠯᠳᠠᠯ᠎ᠠ ᠭᠡᠨ ᠴᠤ ᠨᠠᠮᠢ᠋ᠢ ᠭᠠᠷᠳᠠᠭᠠᠵᠤ ᠳᠡᠢ᠌ᠯᠭᠦ ᠦᠭᠡᠶ᠃》 ᠭᠡᠵᠤ ᠬᠡᠩᠭᠦᠯᠵᠢᠨ ᠠᠯᠬᠤᠨ ᠶᠠᠪᠣᠵᠤ ᠪᠠᠢ᠌ᠳᠠᠯ᠎ᠠ ᠨᠢᠭᠡᠨ ᠪᠢᠴᠢᠬᠠᠨ ᠬᠡᠦᠬᠡᠳ ᠳᠠᠭᠠᠷᠠᠯᠳᠤᠪᠠ᠃
《ᠬᠡᠦᠬᠡᠳ᠂ ᠬᠡᠦᠬᠡᠳ ᠬᠠᠮᠢᠭ᠎ᠠ ᠶᠠᠪᠣᠬᠤ ᠪᠣᠢ︖》
《ᠭᠡᠦᠭᠡ ᠶᠢᠨ ᠭᠤᠤᠯ ᠳᠤ ᠪᠠᠨ ᠶᠠᠪᠣᠶ᠎ᠠ︕》
《ᠭᠤᠤᠯ ᠮᠦᠨ ᠦᠦ︖ ᠱᠠᠯᠪᠠᠭ᠎ᠠ︕》
《ᠱᠠᠯᠪᠠᠭ᠎ᠠ ᠨᠢ ᠱᠠᠯᠪᠠᠭ᠎ᠠ ᠪᠣᠯᠪᠠᠴᠤ ᠰᠢᠷ᠎ᠠ ᠰᠢᠪᠠᠭᠤ ᠳᠡᠭᠡᠭᠦᠷ ᠨᠢ ᠨᠢᠰᠦᠭᠡᠳ ᠭᠠᠷᠳᠠᠭ ᠦᠭᠡᠶ ᠶᠤᠮ ᠪᠢᠯᠠ︕》
《ᠰᠢᠪᠠᠭᠤ ᠮᠦᠨ ᠦᠦ︖ ᠳᠡᠭ᠍ᠳᠡᠭᠡᠢ︕》
《ᠳᠡᠭ᠍ᠳᠡᠭᠡᠢ ᠨᠢ ᠳᠡᠭ᠍ᠳᠡᠭᠡᠢ ᠪᠣᠯᠪᠠᠴᠤ ᠳᠤᠮᠳᠠ ᠴᠢᠮᠦᠭᠡ ᠪᠠᠷ ᠨᠢ ᠪᠠᠢ᠌ᠰᠢᠩ ᠭᠡᠷ ᠤᠨ ᠨᠢᠷᠤᠭᠤ ᠭᠢᠭᠡᠳ ᠳᠠᠭᠠᠭᠠᠳᠠᠭ ᠶᠤᠮ ᠪᠢᠯᠠ︕》
《ᠪᠠᠢ᠌ᠰᠢᠩ ᠮᠦᠨ ᠦᠦ︖ ᠦᠪᠣᠩ ᠡ︕》
《ᠦᠪᠣᠩ ᠨᠢ ᠦᠪᠣᠩ ᠪᠣᠯᠪᠠᠴᠤ ᠡᠮᠦᠨ᠎ᠡ ᠨᠢ ᠡᠯᠵᠢᠭᠡ ᠡᠭᠡᠭᠯᠡᠭᠡᠳ ᠬᠣᠢ᠌ᠨ᠎ᠠ ᠨᠢ ᠰᠤᠨᠤᠰᠳᠠᠳᠠᠭ ᠦᠭᠡᠶ ᠪᠢᠯᠠ︕》
《ᠡᠯᠵᠢᠭᠡ ᠮᠦᠨ ᠦᠦ︖ ᠳᠤᠳᠠᠷᠠᠩ ᠡ︕》
《ᠳᠤᠳᠠᠷᠠᠩ ᠨᠢ ᠳᠤᠳᠠᠷᠠᠩ ᠪᠣᠯᠪᠠᠴᠤ ᠳᠠᠭᠤᠳᠤ ᠶᠢᠨ ᠳᠠᠪᠠᠭ᠎ᠠ ᠥᠭᠡᠳᠡ ᠳᠤᠯᠤᠭᠠᠨ ᠵᠢᠩ ᠳᠠᠪᠣᠰᠤ ᠠᠴᠢᠭᠠᠤᠨ ᠳᠠᠭᠤ ᠦᠭᠡᠶ ᠭᠠᠷᠤᠭᠠᠤᠨ ᠶᠠᠪᠣᠴᠢᠬᠠᠳᠠᠭ ᠪᠢᠯᠠ︕》
《ᠳᠠᠪᠠᠭ᠎ᠠ ᠮᠦᠨ ᠦᠦ︖ ᠭᠦᠪᠠᠭᠡ︕》
《ᠭᠦᠪᠠᠭᠡ ᠨᠢ ᠭᠦᠪᠠᠭᠡ ᠪᠣᠯᠪᠠᠴᠤ ᠳᠤᠤᠷ᠎ᠠ ᠡᠴᠡ ᠨᠢ ᠳᠡᠭᠡᠭ᠍ᠰᠢ ᠪᠠᠨ ᠬᠠᠷᠠᠪᠠᠯ ᠮᠠᠯᠠᠭᠠᠢ ᠣᠨᠠᠳᠠᠭ ᠪᠢᠯᠠ︕》
《ᠮᠠᠯᠠᠭᠠᠢ ᠮᠦᠨ ᠦᠦ︖ ᠳᠤᠭᠤᠷᠴᠤᠭ ᠡ︕》
《ᠳᠤᠭᠤᠷᠴᠤᠭ ᠨᠢ ᠳᠤᠭᠤᠷᠴᠤᠭ ᠪᠣᠯᠪᠠᠴᠤ ᠲᠤᠩ ᠡᠪᠦᠯ ᠤᠨ ᠭᠦᠢᠳᠡᠨ ᠳᠤ ᠠᠶᠤᠳᠠᠭ ᠦᠭᠡᠶ ᠪᠢᠯᠠ︕》
《ᠭᠦᠢᠳᠡᠨ ᠮᠦᠨ ᠦᠦ︖ ᠭᠡᠢ᠌ᠪᠠᠡᠭ᠌ ᠡ︕》
《ᠭᠡᠢ᠌ᠪᠠᠡᠭ᠌ ᠨᠢ ᠭᠡᠢ᠌ᠪᠠᠡᠭ᠌ ᠪᠣᠯᠪᠠᠴᠤ ᠭᠡᠯᠡᠯᠴᠡᠵᠤ ᠪᠠᠢ᠌ᠳᠠᠯ᠎ᠠ ᠭᠡᠯᠡ ᠶᠢᠨ ᠥᠵᠦᠭᠦᠷ ᠭᠦᠯᠳᠡᠴᠢᠭᠡᠳᠡᠭ᠌ ᠪᠢᠯᠠ︕》
《ᠭᠡᠯᠡ ᠮᠦᠨ ᠦᠦ︖ ᠭᠡᠰᠡᠭ᠌ ᠮᠢᠬ᠎ᠠ︕》
《ᠭᠡᠰᠡᠭ᠌ ᠮᠢᠬ᠎ᠠ ᠨᠢ ᠭᠡᠰᠡᠭ᠌ ᠮᠢᠬ᠎ᠠ ᠪᠣᠯᠪᠠᠴᠤ ᠭᠢᠷᠢ ᠵᠡᠷᠭᠡ ᠶᠢᠨ ᠡᠪᠦᠭᠡᠨ ᠳᠤ ᠠᠪᠳᠠᠳᠠᠭ ᠦᠭᠡᠶ ᠶᠤᠮ ᠪᠢᠯᠠ︕》
《ᠪᠠᠶᠠᠷᠳᠠᠢ︕》 ᠭᠡᠵᠤ ᠬᠡᠦᠬᠡᠳ ᠴᠠᠭᠠᠰᠢ ᠶᠠᠪᠣᠭᠰᠠᠨ ᠬᠣᠢ᠌ᠨ᠎ᠠ ᠡᠪᠦᠭᠡᠨ ᠦᠪᠡᠷ ᠤᠨ ᠬᠠᠴᠠᠷ ᠶᠢᠡᠨ ᠠᠯᠠᠭᠠᠳᠠᠵᠤ 《ᠫᠧᠢ᠂ ᠡᠪᠦᠭᠡᠨ ᠪᠢ ᠦᠨᠦᠳᠤᠷ ᠪᠢᠴᠢᠬᠠᠨ ᠬᠡᠦᠬᠡᠳ ᠲᠤ ᠠᠪᠳᠠᠭᠳᠠᠴᠢᠬᠠᠯᠠ ᠰᠢᠤ ᠳ᠋ᠠ︕》 ᠭᠡᠳ ᠪᠦᠭᠦᠯᠵᠢᠨ ᠭᠡᠯᠳᠦᠷᠢᠪᠡ ᠭᠡᠨ᠎ᠡ᠃
ᠱᠤᠭ ᠶᠤᠢᠮᠤᠷ ᠥᠯᠢᠭᠡᠷ ᠤᠳ
ᠬᠤᠠᠵᠢᠶ᠎ᠠ ᠳᠠᠢ
ᠡᠷᠭᠢᠭᠦᠤ ᠯᠤᠷᠤᠢ ᠭᠡᠵᠤ ᠣᠢ᠌ᠷ᠎ᠠ ᠬᠤᠯᠠ ᠳᠤ ᠪᠠᠨ ᠨᠠᠷᠠ ᠭᠠᠷᠤᠭᠰᠠᠨ ᠳᠨᠡᠭ᠌ ᠡᠷ᠎ᠡ ᠪᠠᠢ᠌ᠵᠠᠢ᠃ ᠳᠠᠷᠠ 10 ᠡᠯᠵᠢᠭᠡ ᠬᠤᠳᠠᠯᠳᠤᠨ ᠠᠪᠣᠭᠠᠤᠨ ᠪᠣᠴᠠᠬᠤ ᠵᠠᠮ ᠶᠢᠡᠨ ᠭᠦᠭᠡᠭᠡᠵᠡᠢ᠃ ᠳᠠᠷᠠ ᠨᠢᠭᠡ ᠡᠯᠵᠢᠭᠡ ᠶᠢ ᠨᠢ ᠣᠨᠤᠴᠢᠬᠠᠭᠠᠤᠨ ᠳᠤᠭᠠᠯᠠᠵᠤ ᠥᠵᠡᠭ᠍ᠰᠡᠨ ᠴᠢᠨᠢ ᠵᠥᠪᠭᠡᠨ 9 ᠡᠯᠵᠢᠭᠡ ᠪᠠᠢ᠌ᠪᠠ᠃ ᠳᠠᠷᠠ ᠨᠢᠭᠡ ᠡᠯᠵᠢᠭᠡ ᠨᠢ ᠳᠤᠳᠠᠭᠠᠴᠢᠬᠠᠭᠰᠠᠨ ᠮᠠᠭᠠᠤᠨ ᠭᠡᠵᠤ ᠰᠠᠠᠳᠤᠷᠬᠤ ᠳᠤ ᠪᠠᠨ ᠡᠯᠵᠢᠭᠡᠨ ᠡᠴᠡ ᠪᠠᠨ ᠦᠰᠦᠷᠤᠨ ᠪᠠᠭᠤᠭᠠᠤᠨ ᠳᠠᠭᠢᠨ ᠳᠤᠭᠠᠯᠠᠵᠤ ᠦᠵᠡᠪᠠᠯ 10 ᠡᠯᠵᠢᠭᠡ ᠨᠢ ᠳᠤᠭ᠎ᠠ ᠶᠠᠰᠤᠭᠠᠷ ᠶᠢᠡᠨ ᠠᠵᠠᠢ᠃
ᠳᠠᠷᠠ ᠰᠠᠨᠠᠭ᠎ᠠ ᠠᠮᠠᠷᠠᠵᠤ ᠳᠠᠭᠢᠨ ᠣᠨᠤᠭᠰᠠᠨ ᠡᠯᠵᠢᠭᠡᠨ ᠳᠤ ᠪᠠᠨ ᠮᠤᠷᠳᠠᠵᠤ᠄ 《ᠪᠢ ᠴᠢᠨᠢ ᠶᠠᠪᠠᠭᠠᠨ ᠶᠠᠪᠣᠭᠰᠠᠭᠠᠷ ᠨᠢᠭᠡ ᠡᠯᠵᠢᠭᠡ ᠬᠤᠠᠵᠢᠴᠢᠬᠠᠨᠠ᠂ ᠡᠯᠵᠢᠭᠡ ᠣᠨᠤᠭᠠᠤᠨ ᠶᠠᠪᠣᠭᠰᠠᠭᠠᠷ ᠨᠢᠭᠡ ᠡᠯᠵᠢᠭᠡ ᠶᠢᠨ ᠬᠤᠭᠢᠷᠠᠯ ᠳᠤ ᠣᠴᠠᠷᠠᠨ᠎ᠠ᠂ ᠬᠠᠰᠢ ᠯᠠ ᠶᠠᠪᠠᠭᠠᠨ ᠶᠠᠪᠣᠬᠤ ᠨᠢ ᠬᠤᠠᠵᠢᠶ᠎ᠠ ᠲᠡᠶ᠃》 ᠭᠡᠳ ᠣᠨᠤᠭᠰᠠᠨ ᠡᠯᠵᠢᠭᠡᠨ ᠡᠴᠡ ᠪᠠᠨ ᠦᠰᠦᠷᠤᠨ ᠪᠠᠭᠤᠵᠤ ᠶᠠᠪᠠᠭᠠᠨ ᠵᠠᠮᠨᠠᠵᠠᠢ᠃
ᠣᠷᠢᠳᠠᠪᠠᠷ ᠭᠦᠷᠳᠤ ᠶᠢ ᠨᠢ ᠢᠳᠠᠨ᠎ᠠ
ᠴᠡᠴᠡᠭ᠍ᠮ᠎ᠡ ᠡᠵᠢ ᠬᠤᠷᠤᠳ ᠰᠢᠬᠠᠵᠤ ᠪᠠᠢ᠌ᠯ᠎ᠠ᠃ ᠡᠨᠡ ᠦᠶ᠎ᠡ ᠳᠤ ᠭᠤᠷᠪᠠᠨ ᠨᠠᠰᠤᠳᠠᠢ ᠵᠢᠭᠡ ᠣᠮᠪᠣᠯᠤ ᠪᠢᠯᠢᠭ᠌ ᠨᠢ ᠭᠦᠶᠤᠨ ᠣᠷᠤᠵᠤ ᠢᠷᠠᠪᠠ᠃
ᠴᠡᠴᠡᠭ᠍ᠮ᠎ᠡ ᠡᠵᠢ᠄ 《ᠪᠢᠯᠢᠭ᠌ ᠡ᠂ ᠭᠦᠤ ᠮᠢᠨᠢ᠂ ᠭᠡᠷᠪᠡ ᠠᠪᠣ ᠶᠢᠨ ᠴᠢᠨᠢ ᠪᠠᠷᠢᠵᠤ ᠪᠠᠢ᠌ᠭ᠎ᠠ ᠵᠢᠵᠢᠭ᠌ ᠮᠠᠰᠢᠨ ᠢ ᠡᠨᠡ ᠬᠤᠷᠤᠳ ᠶᠢᠡᠷ ᠭᠢᠵᠤ ᠪᠦᠳᠦᠭᠡᠭ᠍ᠰᠡᠨ ᠪᠣᠯ᠂ ᠴᠢ ᠬᠠᠮᠤᠭ ᠳᠦᠷᠦᠭᠦᠤ ᠬᠠᠮᠢᠭ᠎ᠠ ᠡᠴᠡ ᠨᠢ ᠡᠭᠢᠯᠡᠵᠤ ᠢᠳᠡᠭᠦ ᠪᠣᠢ︖》
ᠪᠢᠯᠢᠭ᠌᠄ 《ᠭᠦᠷᠳᠤ ᠶᠢ ᠨᠢ ᠣᠷᠢᠳᠠᠪᠠᠷ ᠢᠳᠠᠨ᠎ᠠ ᠰᠢᠳᠠ᠂ ᠭᠦᠷᠳᠤ ᠨᠢ ᠦᠭᠡᠶ ᠪᠣᠯᠴᠢᠬᠠᠪᠠᠯ ᠳᠠᠷᠠ ᠳᠤᠳᠠᠭᠠᠵᠤ ᠴᠢᠳᠠᠬᠤ ᠦᠭᠡᠶ᠃ ᠠᠪᠣ ᠶᠢᠨ ᠮᠠᠰᠢᠨ ᠤ ᠭᠦᠷᠳᠤ ᠨᠢ ᠬᠠᠭᠠᠷᠠᠭᠰᠠᠨ ᠴᠢᠨᠢ ᠶᠠᠪᠣᠵᠤ ᠴᠢᠳᠠᠬᠤ ᠦᠭᠡᠶ ᠵᠤᠭᠰᠤᠵᠤ ᠪᠠᠢ᠌ᠭᠰᠠᠨ ᠢ ᠥᠵᠡᠭ᠍ᠰᠡᠨ ᠯᠠ ᠳ᠋ᠠ᠃》
ᠥᠭᠡᠷ ᠥᠪᠴᠢᠭ᠍ᠰᠡᠨ ᠨᠢ
ᠨᠢᠭᠡ ᠳᠡᠨᠡᠭ᠌ ᠡᠷ᠎ᠡ ᠥᠭᠡᠷ ᠠᠯᠠᠭᠠᠤᠨ ᠠᠷᠠᠰᠤ ᠶᠢ ᠨᠢ ᠥᠪᠴᠢᠭᠦ ᠭᠡᠵᠡᠢ᠃ ᠭᠡᠳᠡᠯ᠎ᠡ ᠭᠢᠳᠤᠭ᠎ᠠ ᠨᠢ ᠮᠤᠬᠤᠵᠤ ᠣᠨ ᠣᠳᠠᠭᠰᠠᠨ ᠶᠠᠭᠤᠮ᠎ᠠ ᠪᠣᠯᠬᠤᠷ ᠦᠪᠴᠢᠵᠤ ᠳᠡᠢ᠌ᠯᠭᠦ ᠦᠭᠡᠶ ᠠᠷᠭ᠎ᠠ ᠪᠠᠷᠠᠭᠳᠠᠭᠤᠯᠤᠨ᠎ᠠ᠃ ᠪᠢᠯᠡᠭᠦᠤ ᠪᠠᠨ ᠳᠠᠷᠠ ᠭᠡᠷ ᠲᠡᠭᠡᠨ ᠳᠠᠯᠪᠢᠵᠤ ᠪᠠᠢ᠌ᠭᠰᠠᠨ ᠪᠣᠯᠬᠤᠷ᠂ ᠳᠠᠮᠠᠢ ᠣᠳᠠᠬᠤ ᠦᠭᠡᠶ ᠭᠡᠷ ᠲᠡᠭᠡᠨ ᠭᠦᠶᠦᠵᠤ ᠣᠷᠤᠭᠠᠤᠨ ᠭᠢᠳᠤᠭ᠎ᠠ ᠪᠠᠨ ᠢᠷᠯᠠᠨᠠ᠃ ᠢᠩᠭᠢᠵᠤ ᠭᠡᠳᠤ ᠣᠳᠠᠭ᠎ᠠ ᠭᠦᠶᠦᠭᠡᠳ ᠳᠡᠨᠡᠭ᠌ ᠡᠷ᠎ᠡ ᠥᠭᠡᠷ ᠶᠢᠡᠨ ᠥᠪᠴᠢᠭᠦ ᠪᠠᠨ ᠪᠠᠢ᠌ᠭᠠᠤᠨ ᠰᠠᠭᠤᠭᠠᠤᠨ ᠠᠪᠴᠢᠬᠠᠯ᠎ᠠ᠃
ᠪᠦᠷᠦᠢ ᠶᠢᠨ ᠦᠶ᠎ᠡ ᠪᠠᠷ ᠭᠡᠷ ᠤᠨ ᠭᠦᠮᠦᠰ ᠨᠢ ᠬᠠᠷᠢᠵᠤ ᠢᠷᠡᠭᠦ ᠳᠤ ᠳᠠᠯ᠎ᠠ ᠥᠪᠴᠢᠭ᠍ᠰᠡᠨ ᠥᠭᠡᠷ ᠶᠢᠡᠨ ᠬᠠᠶᠠᠭᠠᠤᠨ ᠳᠡᠨᠡᠭ᠌ ᠡᠷ᠎ᠡ ᠣᠠᠳᠠᠵᠤ ᠪᠠᠢ᠌ᠪᠠ᠃ ᠭᠡᠷ ᠤᠨ ᠭᠦᠮᠦᠰ ᠨᠢ ᠠᠭᠤᠷᠯᠠᠵᠤ᠂ ᠪᠦᠭᠦᠯᠢ ᠡᠳᠦᠷ ᠨᠢᠭᠡ ᠥᠭᠡᠷ ᠢ ᠦᠪᠴᠢᠵᠤ ᠳᠡᠢ᠌ᠯᠭᠦ ᠦᠭᠡᠶ ᠶᠠᠭᠤ ᠭᠢᠭᠡᠳ ᠪᠠᠢ᠌ᠭᠰᠠᠨ ᠪᠣᠢ︖ ᠭᠡᠵᠤ ᠠᠭᠤᠷᠯᠠᠨ ᠠᠰᠠᠭᠤᠪᠠ᠃
ᠭᠡᠳᠡᠯ᠎ᠡ ᠳᠡᠨᠡᠭ᠌ ᠡᠷ᠎ᠡ᠄ 《ᠳᠠᠨᠠᠷ ᠢ ᠭᠦᠯᠢᠶᠡᠵᠤ ᠡᠨᠡ ᠥᠭᠡᠷ ᠢ ᠭᠡᠷ ᠲᠤ ᠠᠪᠴᠤ ᠣᠷᠤᠭᠠᠤᠨ ᠦᠪᠴᠢᠶᠠ ᠭᠡᠰᠡᠨ᠂ ᠭᠠᠭᠴᠠᠭᠠᠷ ᠶᠢᠡᠨ ᠭᠦᠳᠡᠯᠭᠡᠵᠤ ᠳᠡᠢ᠌ᠯᠭᠦ ᠦᠭᠡᠶ ᠪᠣᠯᠬᠤᠷ ᠁》 ᠭᠡᠪᠡ᠃
ᠭᠡᠷ ᠤᠨ ᠭᠦᠮᠦᠰ᠄ 《ᠭᠡᠷ ᠲᠤ ᠣᠷᠤᠭᠤᠯᠵᠤ ᠦᠪᠴᠢᠪᠠᠯ ᠶᠠᠭᠠᠭᠢᠬᠤ ᠪᠣᠢ︖》
ᠳᠡᠨᠡᠭ᠌ ᠡᠷ᠎ᠡ᠄ 《ᠭᠢᠳᠤᠭ᠎ᠠ ᠮᠤᠬᠤᠭᠠᠤᠨ ᠣᠭᠳᠤ ᠢᠷ ᠦᠭᠡᠶ᠂ ᠪᠢᠯᠡᠭᠦᠤ ᠭᠡᠷ ᠲᠤ ᠪᠠᠢ᠌ᠬᠤ ᠶᠤᠮ ᠴᠢᠨᠢ ᠢᠷᠡᠯᠡᠭᠦ ᠳᠤ ᠳᠦᠭᠦᠮ ᠪᠢᠰᠢᠤ᠃》
ᠭᠡᠷ ᠤᠨ ᠭᠦᠮᠦᠰ᠄ 《ᠪᠢᠯᠡᠭᠦᠤ ᠪᠠᠨ ᠭᠠᠳᠠᠨ᠎ᠠ ᠠᠪᠴᠤ ᠭᠠᠷᠤᠭᠠᠤᠨ ᠭᠢᠳᠤᠭ᠎ᠠ ᠪᠠᠨ ᠢᠷᠡᠯᠡᠭᠦ ᠶᠢ ᠮᠡᠳᠡᠭᠦ ᠦᠭᠡᠶ ᠦᠦ᠂ ᠳᠡᠨᠡᠭ᠌ ᠡ︖》
ᠲ᠋ᠡᠨᠡᠭ᠌ ᠡᠷ᠎ᠡ᠄ 《 ᠦᠭᠡᠶ᠂ ᠪᠢ ᠶᠠᠷᠤ ᠨᠢ ᠥᠭᠡᠷ ᠥᠪᠴᠢᠭᠦ ᠭᠡᠵᠤ ᠪᠠᠢ᠌ᠬᠤ ᠡᠴᠡ ᠪᠢᠰᠢ᠂ ᠶᠠᠮᠠᠷ ᠪᠢᠯᠡᠭᠦᠤ ᠵᠢ᠁》 ᠭᠡᠪᠡ᠃
ᠬᠡᠦᠬᠡᠳ ᠤᠨ ᠳᠤᠭᠯᠠᠭᠠᠮ (ᠵᠤᠭ᠎ᠠ ᠥᠭᠡ)
ᠬᠤᠶᠠᠷ ᠬᠡᠦᠬᠡᠳ
ᠬᠤᠷᠤᠬᠠᠢ ᠴᠠᠴᠠᠨ᠎ᠠ᠂
ᠴᠠᠴᠠᠨ ᠳᠤ ᠪᠠᠨ
ᠴᠡᠭᠡᠨ ᠵᠢᠷᠭᠠᠯ
ᠵᠢᠷᠭᠠᠯ ᠳᠤ ᠪᠠᠨ
ᠵᠠᠯᠠᠢ ᠦᠨᠳᠦᠷ
ᠦᠨᠳᠦᠷ ᠲᠤ ᠪᠠᠨ
ᠥᠭᠡᠭᠦᠨ ᠴᠢᠯᠠᠭᠤ
ᠴᠢᠯᠠᠭᠤ ᠳᠤ ᠪᠠᠨ
ᠴᠠᠢ᠌ᠨ ᠬᠠᠭᠠᠨ
ᠬᠠᠭᠠᠨ ᠳᠤ ᠪᠠᠨ
ᠬᠠᠠᠳᠠᠷᠢ ᠡᠯᠵᠢᠭᠡ
ᠡᠯᠵᠢᠭᠡᠨ ᠳᠤ ᠪᠠᠨ
ᠡᠷ᠎ᠡ ᠪᠣᠭᠤᠷᠤᠯ
ᠪᠣᠭᠤᠷᠤᠯ ᠳᠤ ᠪᠠᠨ
ᠪᠣᠭᠤᠳ ᠭᠠᠯᠠᠭᠤ
ᠭᠠᠯᠠᠭᠤ ᠳᠤ ᠪᠠᠨ
ᠭᠠᠵᠠᠷ ᠣᠰᠤᠨ
ᠣᠰᠤᠨ ᠳᠤ ᠪᠠᠨ
ᠣᠰᠤᠨ ᠮᠤᠩᠭ᠋ᠤᠯ
ᠮᠤᠩᠭ᠋ᠤᠯ ᠳᠤ ᠪᠠᠨ
ᠮᠤᠳᠤᠨ ᠭᠦᠷᠢᠶ᠎ᠡ
ᠭᠦᠷᠢᠶ᠎ᠡ ᠳᠤ ᠪᠠᠨ
ᠭᠦᠷᠤᠨ ᠳᠤᠭᠤᠳᠤᠭ
ᠳᠤᠭᠤᠳᠤᠭ ᠲᠤ ᠪᠠᠨ
ᠳᠠᠯᠢᠮ ᠮᠡᠷᠭᠡᠨ
ᠮᠡᠷᠭᠡᠨ ᠳᠤ ᠪᠠᠨ
ᠮᠦᠨ ᠬᠤᠶᠠᠷ ᠬᠡᠦᠬᠡᠳ ᠡ︕
ᠵᠤᠬᠢᠶᠠᠭᠴᠢ᠄ ᠽᠠᠠᠳᠠᠨ
ᠬᠠᠷᠢᠶ᠎ᠠ᠄
ᠥᠭᠥᠯᠡᠯᠭᠡᠳᠠᠷᠤᠮ᠄ 9286
ᠴᠠᠭ᠄ 2009 ᠤᠨ ᠤ 11 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ