☆ ᠪᠣᠷᠵᠢᠭᠢᠨ ᠷᠢᠠᠴᠢᠨ
ᠠᠷᠠᠯ ᠤᠨ ᠱᠠᠷ
ᠠᠷᠠᠯ ᠤᠨ ᠱᠠᠷ
ᠠᠷᠠᠯᠳᠤ ᠳᠡᠷᠭᠡ ᠪᠠᠨ ᠴᠢᠷᠦᠭ᠍ᠰᠡᠭᠡᠷ
ᠠᠯᠤᠰ ᠭᠢᠵᠠᠭᠠᠷ ᠢ ᠵᠤᠷᠢᠭᠠᠤᠨ
ᠠᠯᠬᠤᠭᠰᠠᠭᠠᠷ᠂ ᠲ᠋ᠡᠮᠡᠤᠯᠡᠭ᠍ᠰᠡᠭᠡᠷ᠂ ᠵᠢᠳᠭᠦᠭ᠍ᠰᠡᠭᠡᠷ ᠶᠠᠪᠣᠨ᠎ᠠ
ᠦᠨᠳᠦᠷ ᠳᠡᠭ᠍ᠷᠢ
ᠭᠦᠮᠦᠷᠢᠭ᠍ᠰᠡᠨ ᠳᠤᠭᠤᠭ᠎ᠠ ᠰᠢᠭ
ᠥᠭᠡᠷ ᠤᠨ ᠡᠪᠠᠷ ᠲᠤ ᠮᠦᠷᠭᠦᠭ᠍ᠳᠡᠭᠡᠳ
ᠵᠥᠰᠦᠭ᠍ᠳᠡᠭ᠍ᠰᠡᠭᠡᠷ᠂ ᠵᠢᠷᠤᠭᠳᠠᠭᠰᠠᠭᠠᠷ᠂ ᠢᠷᠠᠭᠳᠠᠭᠰᠠᠭᠠᠷ ᠬᠤᠴᠤᠷᠤᠨ᠎ᠠ
ᠦᠷᠭᠡᠨ ᠳᠠᠯ᠎ᠠ
ᠥᠩᠭᠡᠷᠡᠭᠦ ᠳᠡᠯᠡᠭᠡᠢ
ᠥᠭᠡᠷ ᠳᠡᠷᠭᠡᠨ ᠤ ᠭᠦᠷᠳᠤᠨ ᠳᠤᠭᠤᠤᠷ
ᠦᠩᠭᠦᠷᠢᠳᠦᠭ᠍ᠰᠡᠭᠡᠷ᠂ ᠪᠦᠮᠪᠦᠷᠢᠳᠦᠭ᠍ᠰᠡᠭᠡᠷ᠂ ᠡᠷᠭᠢᠯᠳᠦᠭ᠍ᠰᠡᠭᠡᠷ ᠣᠳᠤᠨ᠎ᠠ
ᠦᠰᠤᠷᠴᠤ ᠳᠡᠭ᠍ᠳᠡᠭᠦ ᠳᠠᠤᠯᠠᠢ
ᠥᠭᠡᠷ ᠳᠡᠷᠭᠡᠨ ᠤ ᠭᠦᠯ ᠳᠤ ᠨᠢᠴᠠᠷᠠᠭᠠᠤᠨ
ᠦᠨᠡᠨ ᠤ ᠳᠤᠬᠠᠢ ᠦᠯᠢᠭᠡᠷ
ᠡᠳᠦᠷ ᠪᠣᠯᠭᠠᠨ ᠣᠷᠤᠰᠤᠨ᠎ᠠ ᠁
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ ᠬᠤᠳᠠ ᠶᠢᠨ ᠰᠢᠨ᠎ᠡ ᠪᠠᠷᠭᠤ ᠵᠡᠭᠦᠨ ᠬᠤᠰᠢᠭᠤᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ
ᠵᠤᠬᠢᠶᠠᠭᠴᠢ᠄ ᠪᠣᠷᠵᠢᠭᠢᠨ ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2653
ᠴᠠᠭ᠄ 2012 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ