☆ ᠮᠦᠴᠢᠷ
ᠠᠮᠠᠷᠠᠭ ᠵᠥᠭᠡᠯᠡᠨ ᠰᠢᠪᠠᠨᠡᠭᠡ
ᠬᠠᠢ᠌ᠷᠠᠯᠠᠬᠤ ᠶᠢᠨ ᠳᠠᠳᠤᠢ ᠬᠠᠢ᠌ᠷᠠᠯᠠᠵᠤ ᠦᠦ ᠳ᠋ᠠ ᠴᠢᠮ᠎ᠠ ᠪᠠᠨ
ᠬᠠᠷ᠎ᠠ ᠨᠢᠳᠤᠨ ᠤ ᠪᠠᠨ ᠴᠡᠴᠡᠭᠡᠢ ᠰᠢᠭ᠌ ᠠᠮᠢᠠᠴᠢᠬᠠᠨ ᠰᠠᠨᠠᠭᠰᠠᠨ ᠶᠤᠮ
ᠬᠠᠷᠠᠩᠭ᠋ᠤᠢ ᠰᠦᠨᠢ ᠶᠢᠨ ᠵᠡᠭᠦᠳᠤᠨ ᠳᠤ ᠪᠠᠨ ᠴᠤ ᠭᠡᠯᠡ
ᠬᠠᠩᠬᠠᠭᠠᠷ ᠳᠦᠷᠭᠦ ᠶᠢ ᠴᠢᠨᠢ ᠣᠷᠭᠤᠭᠤᠯᠤᠨ ᠰᠠᠨᠠᠳᠠᠭ ᠶᠤᠮ
ᠢᠨᠠᠭᠯᠠᠬᠤ ᠶᠢᠨ ᠳᠠᠳᠤᠢ ᠢᠨᠠᠭᠯᠠᠵᠤ ᠦᠦ ᠳ᠋ᠠ ᠴᠢᠮ᠎ᠠ ᠲᠡᠶ ᠪᠠᠨ
ᠢᠷᠠᠭᠤ ᠬᠤᠭᠤᠷ ᠤᠨ ᠬᠤᠶᠠᠷ ᠣᠳᠠᠰᠤ ᠰᠢᠭ ᠢᠵᠢᠯᠢᠳᠦᠭ᠍ᠰᠡᠨ ᠶᠤᠮ
ᠶᠠᠯ᠎ᠠ ᠣᠰᠤᠯ ᠭᠡᠵᠤ ᠭᠡᠯᠡᠯᠴᠡᠳᠡᠭ᠌ ᠦᠭᠡᠶ ᠶᠡᠭᠡ ᠬᠠᠢ᠌ᠷ᠎ᠠ ᠶᠢᠨ ᠳᠠᠪᠴᠢᠶᠠᠷᠢ ᠳᠤ ᠴᠢᠨᠢ
ᠢᠯᠳᠠᠮᠬᠠᠨ ᠢᠨᠢᠶᠠᠳᠤ ᠪᠠᠷ ᠶᠢᠡᠨ ᠠᠮᠢᠳᠤᠷᠠᠯ ᠤᠨ ᠠᠮᠳᠠᠳᠤ ᠰᠠᠷᠬᠤᠤᠨ ᠢ ᠨᠠᠷᠠᠵᠤ ᠦᠭᠭᠦ ᠭᠡᠰᠡᠨ ᠶᠤᠮ
ᠬᠤᠷᠢᠮᠯᠠᠬᠤ ᠶᠢᠨ ᠳᠠᠳᠤᠢ ᠬᠤᠷᠢᠮᠯᠠᠵᠤ ᠦᠦ ᠳ᠋ᠠ ᠬᠤᠶᠠᠭᠤᠯᠠ ᠪᠠᠨ
ᠬᠤᠯᠠ ᠶᠢᠨ ᠠᠶᠠᠨ ᠤ ᠳᠦᠷᠦᠭᠡᠨ ᠳᠤ ᠬᠠᠮᠳᠤ ᠭᠢᠰᠭᠢᠭ᠍ᠰᠡᠨ ᠶᠤᠮ
ᠬᠤᠷᠸ᠎ᠠ ᠶᠢᠨ ᠵᠦᠢ᠌ ᠪᠠᠷ ᠢᠷᠡᠳᠡᠭ᠌ ᠪᠠᠶᠠᠷ ᠭᠤᠨᠢᠭ ᠪᠦᠭᠦᠨ ᠢ
ᠬᠠᠮᠳᠤ ᠳᠤ ᠪᠠᠨ ᠳᠤᠭᠤᠯᠬᠤ ᠭᠡᠰᠡᠨ ᠵᠢᠷᠦᠭᠡᠨ ᠠᠠᠳᠠᠭᠠᠢ ᠪᠠᠨ ᠮᠠᠷᠳᠠᠬᠤ ᠦᠭᠡᠶ ᠰᠢᠤ
ᠪᠦᠰᠡᠭᠦᠢ ᠴᠢᠨᠢ
ᠵᠤᠬᠢᠶᠠᠭᠴᠢ᠄ ᠮᠦᠴᠢᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 3369
ᠴᠠᠭ᠄ 2009 ᠤᠨ ᠤ 07 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ