ᠨᠡᠪᠲᠡᠷᠡᠨ ᠤᠷᠤᠬᠤ
ᠳᠠᠯ᠎ᠠ ᠶᠢᠨ ᠵᠦᠷᠢᠭ᠌

ᠮᠠᠭᠤᠬᠠᠨ ᠮᠤᠩᠭ᠋ᠤᠯ ᠭᠡᠯᠡ ᠲᠡᠶ ᠴᠤ

ᠰᠦᠨᠠᠰᠤ ᠪᠠᠨ ᠪᠢ ᠬᠤᠳᠠᠯᠳᠤᠭ᠎ᠠ ᠦᠭᠡᠶ

ᠮᠠᠷᠭᠠᠰᠢ ᠳᠠᠰᠢ ᠰᠤᠨᠤᠯᠵᠠᠭᠰᠠᠨ ᠳᠠᠯ᠎ᠠ ᠶᠢᠨ ᠵᠦᠷᠢᠭ᠌ ᠶᠢᠡᠷ

ᠰᠦᠨᠠᠰᠤ ᠪᠠᠨ ᠪᠢ ᠡᠷᠢᠵᠤ ᠭᠦᠶ‍ᠦᠭ᠍ᠰᠡᠭᠡᠷ


ᠮᠤᠷᠢ ᠣᠨᠤᠵᠤ ᠰᠤᠷᠤᠭᠰᠠᠨ ᠦᠭᠡᠶ ᠴᠤ

ᠮᠦᠷ ᠶᠢᠡᠨ ᠪᠢ ᠪᠠᠯᠠᠯᠤᠭ᠎ᠠ ᠦᠭᠡᠶ

ᠮᠤᠠᠳᠠᠭ ᠶᠡᠭᠡ ᠰᠤᠶᠤᠯ ᠤᠨ ᠭᠦᠷᠦᠰᠤᠨ ᠡᠴᠡ

ᠮᠦᠷ ᠶᠢᠡᠨ ᠪᠢ ᠰᠢᠷᠭᠡᠭᠯᠡᠨ ᠳᠡᠭᠦᠭ᠍ᠰᠡᠭᠡᠷ


ᠠᠯᠳᠠᠵᠤ ᠣᠨᠤᠬᠤ ᠶᠢ ᠪᠢ ᠠᠷᠠᠯᠵᠢᠶᠠᠯᠠᠭᠰᠠᠨ ᠪᠣᠰᠤ

ᠠᠯᠳᠠᠵᠤ ᠣᠨᠤᠬᠤ ᠬᠠᠷᠢᠨ ᠨᠠᠳᠠ ᠶᠢ ᠠᠷᠠᠯᠵᠢᠶᠠᠯᠠᠭᠰᠠᠭᠠᠷ

ᠳᠠᠷᠠ ᠲᠡᠶ ᠳᠠᠷᠠ ᠦᠭᠡᠶ ᠭᠦᠭᠡ ᠳᠡᠭ᠍ᠷᠢ ᠶᠢᠨ ᠳᠤᠤᠷ᠎ᠠ

ᠪᠢ ᠮᠥᠩᠭᠡᠷᠡᠵᠤ ᠴᠢᠳᠠᠳᠠᠭ ᠦᠭᠡᠶ ᠶᠤᠮ ᠴᠢᠨᠢ


ᠠᠭᠤᠯᠠ ᠨᠢᠷᠤᠭᠤᠳ ᠮᠢᠨᠤ ᠨᠢᠳᠤᠨ ᠡᠮᠦᠨ᠎ᠡ

ᠳᠠᠪᠠᠭᠠᠤᠨ ᠳᠠᠭᠤᠰᠤᠰᠢ ᠦᠭᠡᠶ ᠦᠷᠭᠦᠯᠵᠢᠯᠡᠨ᠎ᠡ

ᠥᠭᠡᠷ ᠳᠡᠷᠭᠡ ᠪᠠᠷ ᠳᠠᠤᠯᠠᠢ ᠭᠦᠢᠴᠡᠭᠦ ᠶᠢ

ᠪᠢ ᠢᠳᠡᠭᠡᠵᠤ ᠶᠠᠳᠠᠳᠠᠭ ᠪᠠᠢ᠌ᠯ᠎ᠠ


ᠨᠠᠷᠠ ᠨᠤᠴᠤᠭᠰᠠᠨ ᠭᠡᠪ ᠶᠢᠡᠷ ᠶᠢᠡᠨ ᠳᠦᠷᠠᠯᠵᠠᠨ᠎ᠠ

ᠭᠠᠯ ᠡᠴᠡ ᠠᠶᠤᠭᠰᠠᠨ ᠬᠤᠷ᠎ᠠ ᠶᠢᠨ ᠡᠭᠦᠯᠡᠰ ᠪᠦᠷᠭᠦᠢᠵᠤ ᠴᠢᠳᠠᠭ᠎ᠠ ᠦᠭᠡᠶ

ᠭᠠᠵᠠᠷ ᠳᠡᠯᠡᠭᠡᠢ ᠲᠦᠯᠡᠭ᠍ᠳᠡᠭᠡᠳ ᠪᠣᠴᠠᠯᠤᠨ ᠪᠣᠴᠠᠯᠤᠨ᠎ᠠ

ᠬᠠᠯᠠᠭᠠᠬᠤ ᠡᠴᠡ ᠡᠮᠢᠶᠡᠵᠤ ᠪᠢ ᠠᠯᠬᠤᠵᠤ ᠴᠢᠳᠠᠭᠰᠠᠨ ᠦᠭᠡᠶ


ᠣᠬᠤᠷᠢᠵᠤ ᠪᠠᠰᠠ ᠣᠷᠤᠭᠰᠢᠯᠠᠵᠤ ᠳᠡᠩᠴᠡᠭᠦᠷᠢ ᠪᠠᠨ ᠣᠯᠳᠠᠭ ᠶᠤᠮ

ᠣᠬᠠᠭᠠᠷᠠᠵᠤ ᠪᠠᠰᠠ ᠭᠡᠨᠡᠳᠡᠵᠤ ᠪᠠᠶ᠎ᠠ ᠪᠠᠨ ᠳᠠᠨᠢᠳᠠᠭ ᠶᠤᠮ

ᠡᠨᠡ ᠪᠣᠯ ᠵᠠᠮ᠂ ᠮᠦᠨ ᠴᠤ ᠳᠠᠳᠤᠯᠭ᠎ᠠ ᠶᠤᠮ

ᠡᠨᠡ ᠪᠣᠯ ᠵᠢᠮ᠎ᠠ᠂ ᠮᠦᠨ ᠴᠤ ᠠᠮᠢᠳᠤᠷᠠᠯ ᠶᠤᠮ


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2639
ᠴᠠᠭ᠄ 2011 ᠤᠨ ᠤ 06 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ