☆ ᠳᠠᠪᠬᠤᠷᠪᠠᠶᠠᠷ
ᠬᠠᠩᠰᠢ ᠶᠢᠨ ᠡᠳᠦᠷ ᠤᠨ ᠣᠩᠰᠢᠭᠤ
ᠬᠠᠩᠰᠢ
ᠣᠳᠠ ᠭᠦᠯᠦᠭᠡᠯᠡᠨ ᠣᠰᠤᠨ ᠭᠦᠭᠡᠷᠡᠵᠤ
ᠪᠠᠰᠠ ᠨᠢᠭᠡᠨ ᠬᠠᠩᠰᠢ
ᠣᠷᠢᠳᠤ ᠶᠢᠨ ᠭᠦᠮᠦᠰ ᠰᠠᠨᠠᠭᠠᠨ ᠳᠤ ᠪᠠᠭᠤᠵᠤ
ᠳᠤᠷᠠᠰᠤᠯ ᠨᠢᠭᠡᠨᠲᠡ ᠭᠦᠪᠦᠷᠡᠭᠦᠢ
ᠦᠨᠡᠨ ᠤ ᠥᠭᠡ ᠪᠠᠳᠠᠭ ᠪᠠᠳᠠᠭ ᠶᠢᠡᠷ
ᠭᠦᠷᠦᠰᠤᠨ ᠢ ᠨᠠᠪᠳᠠᠯᠤᠨ ᠰᠤᠨᠤᠷᠯᠠᠬᠤᠢ
ᠦᠨᠡᠨ ᠰᠡᠳᠭᠢᠯ ᠭᠦᠢᠰ ᠭᠦᠢᠰ ᠶᠢᠡᠷ
ᠵᠢᠷᠦᠭᠡᠨ ᠤ ᠭᠦᠨ ᠡᠴᠡ ᠳᠡᠯᠭᠡᠷᠡᠭᠦᠢ
ᠮ·ᠡᠷᠭᠢᠮ ᠤᠨ ᠪᠣᠯᠠᠰᠢᠨ ᠳᠡᠭᠡᠷ᠎ᠡ
ᠠᠨᠢᠷ ᠥᠭᠡᠢ᠌ᠳᠡᠭ᠍ᠰᠡᠨ ᠪᠦᠳᠤᠨ ᠰᠢᠯᠢ ᠳᠤ
ᠬᠠᠩᠰᠢ ᠶᠢᠨ ᠰᠠᠯᠭᠢᠨ ᠭᠢᠩᠰᠢᠨᠠ
ᠠᠷᠠᠤᠨ ᠤᠨ ᠶᠢᠡᠨ ᠰᠢᠯᠦᠭ᠍ᠴᠢ ᠡᠷᠭᠢᠮ ᠤᠨ ᠪᠣᠯᠠᠰᠢᠨ ᠳᠤ
ᠬᠠᠯᠠᠭᠤᠨ ᠳᠤᠷᠠᠰᠤᠯ ᠪᠠᠳᠠᠭᠯᠠᠨᠠ
ᠠᠮᠢᠳᠤ ᠶᠢᠨ ᠳᠠᠮᠤ ᠶᠢ
ᠰᠦᠰᠦ ᠪᠠᠷ ᠶᠢᠡᠨ ᠳᠤᠭᠤᠯᠤᠭᠰᠠᠨ
ᠡᠷ᠎ᠡ ᠭᠦᠮᠤᠨ ᠴᠢ
ᠢᠯᠭᠤᠮ ᠭᠡᠯᠡ ᠪᠠᠨ
ᠵᠢᠷᠤᠭ᠎ᠠ ᠪᠠᠷ ᠰᠣᠢ᠌ᠭᠰᠠᠨ
ᠮᠤᠷᠢᠳᠠᠢ ᠭᠦᠮᠤᠨ ᠴᠢ
ᠥᠭᠡ ᠪᠦᠭᠦᠨ ᠶᠢᠡᠨ
ᠭᠡᠯᠡᠵᠤ ᠪᠠᠷᠠᠭ᠎ᠠ ᠦᠭᠡᠶ ᠶᠠᠪᠣᠭᠰᠠᠨ
ᠶᠠᠭᠠᠷᠠᠤ ᠭᠦᠮᠤᠨ ᠴᠢ
ᠠᠠᠳᠠ ᠪᠦᠭᠦᠨ ᠤ ᠪᠠᠨ ᠰᠡᠳᠭᠢᠯ ᠳᠤ ᠬᠤᠨᠤᠭᠰᠢᠭᠰᠠᠨ
ᠵᠢᠷᠤᠮᠳᠠᠢ ᠭᠦᠮᠤᠨ ᠴᠢ
ᠠᠭᠠᠯᠢ ᠮᠠᠭᠤᠳᠠᠤᠨ ᠢ ᠭᠡᠯᠥᠢᠵᠤ ᠶᠠᠪᠣᠭᠰᠠᠨ
ᠠᠰᠪᠣᠷᠢ ᠭᠦᠮᠤᠨ ᠴᠢ
ᠬᠠᠯᠠᠭᠤᠨ ᠣᠷᠮ᠎ᠠ ᠶᠢ
ᠨᠠᠢ᠌ᠷᠠᠭ ᠲᠤ ᠭᠦᠳᠦᠯᠦᠭ᠍ᠰᠡᠨ
ᠪᠠᠭᠰᠢ ᠮᠢᠨᠢ ᠴᠢ
ᠬᠠᠶᠠ ᠪᠠᠰᠠ
ᠠᠢ᠌ᠷᠠᠭ ᠶᠢᠡᠷ ᠳᠦᠷᠰᠦᠭᠦᠳᠡᠭ᠍ᠰᠡᠨ
ᠠᠬ᠎ᠠ ᠮᠢᠨᠢ ᠴᠢ
ᠠᠮᠢᠳᠤᠷᠠᠯ ᠢ ᠳᠠ
ᠢᠷᠠᠭᠤ ᠨᠠᠢ᠌ᠷᠠᠭ ᠶᠢᠡᠷ ᠠᠮᠳᠠᠯᠠᠵᠤ ᠴᠢᠳᠠᠭᠰᠠᠨ ᠶᠢᠡᠷ
ᠠᠯᠳᠠᠷ ᠶᠢᠡᠨ ᠳᠠ
ᠠᠷᠠᠤᠨ ᠤᠨ ᠶᠢᠡᠨ ᠳᠤᠮᠳᠠ ᠮᠥᠩᠭᠡᠷᠡᠭᠦᠯᠵᠤ ᠴᠢᠳᠠᠭᠰᠠᠨ ᠶᠤᠮ
ᠬᠠᠩᠰᠢ ᠶᠢᠨ ᠡᠳᠦᠷ ᠤᠨ ᠳᠠᠨ ᠤ ᠳᠤᠷᠠᠰᠤᠯ ᠢ
ᠬᠠᠮᠢᠭ᠎ᠠ ᠨᠢᠭᠡ ᠰᠠᠢ᠌ᠯᠤᠨᠠᠮ ᠪᠢ
ᠬᠠᠯᠠᠭᠤᠨ ᠰᠢᠷᠤᠢ ᠪᠠᠨ ᠰᠢᠮ᠎ᠠ ᠪᠠᠷ ᠶᠢᠡᠨ ᠣᠮᠳᠠᠯᠠᠬᠤ
ᠣᠶᠠᠩᠭ᠋᠎ᠠ ᠶᠢᠨ ᠭᠤᠤᠯ ᠶᠢᠡᠨ ᠵᠠᠯᠭᠠᠬᠤ ᠪᠠᠷ
ᠬᠠᠢ᠌ᠷᠠᠳᠠᠢ ᠨᠤᠳᠤᠭ ᠲᠤ ᠪᠠᠨ ᠪᠣᠴᠠᠵᠤ ᠳᠦᠷᠦᠭᠦ ᠶᠢ ᠴᠢᠨᠢ
ᠳᠠᠭᠠᠳᠬᠠᠨᠠᠮ ᠡ ᠪᠢ ︕
ᠵᠤᠬᠢᠶᠠᠭᠴᠢ ᠶᠢᠨ ᠬᠠᠶᠢᠭ᠄ ᠲᠦᠰᠢᠶᠠᠳᠤ ᠶᠢᠨ ᠭᠦᠡᠳᠦᠯ
ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2634
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ