ᠨᠡᠪᠲᠡᠷᠡᠨ ᠤᠷᠤᠬᠤ
ᠰᠡᠵᠢᠭ᠌ ᠦᠭᠡᠢ ᠮᠤᠩᠭᠤᠯ
(ᠭᠠᠳᠠᠨ᠎ᠠ ᠨᠢᠭᠡ)

ᠮᠠᠨ ᠤ ᠮᠤᠩᠭ᠋ᠤᠯ ᠭᠦᠮᠤᠨ ᠡ ᠭᠡᠵᠤ

ᠴᠢ ᠵᠤᠪᠠᠭᠰᠠᠨ ᠤ ᠭᠡᠷᠡᠭ᠌ ᠥᠭᠡᠢ

ᠮᠤᠩᠭ᠋ᠤᠯ ᠭᠦᠮᠤᠨ ᠳᠤ ᠶᠠᠭᠤ ᠳᠤᠳᠠᠪᠠᠴᠤ

ᠰᠡᠭᠦᠷᠡᠰᠤ ᠪᠠᠷ ᠣᠳᠤ ᠳᠤᠳᠠᠬᠤ ᠥᠭᠡᠢ


ᠳᠠᠨ ᠤ ᠮᠤᠩᠭ᠋ᠤᠯ ᠭᠦᠮᠤᠨ ᠡ ᠭᠡᠵᠤ

ᠳᠠ ᠭᠠᠰᠢᠭᠤᠳᠠᠭᠰᠠᠨ ᠤ ᠴᠤ ᠣᠴᠢᠷ ᠥᠭᠡᠢ

ᠮᠤᠩᠭ᠋ᠤᠯ ᠭᠦᠮᠤᠨ ᠢ ᠣᠳᠤ

ᠭᠡᠨ ᠴᠤ ᠥᠷᠦᠪᠳᠡᠭᠡᠤᠨ ᠳᠤᠰᠠ ᠥᠭᠡᠢ


ᠮᠠᠨ ᠤ ᠮᠤᠩᠭ᠋ᠤᠯ ᠡ ᠭᠡᠵᠤ ᠴᠢᠨᠤ

ᠵᠤᠪᠠᠬᠤ ᠴᠢᠨᠢ ᠪᠠᠰᠠ ᠳᠠᠭᠠᠷᠠᠨ᠎ᠠ

ᠮᠠᠨ ᠤ ᠮᠤᠩᠭ᠋ᠤᠯ ᠴᠢᠨᠢ ᠣᠳᠤ

ᠮᠠᠨᠤᠤᠯ ᠮᠤᠩᠭ᠋ᠤᠯ ᠪᠣᠯᠵᠠᠢ


ᠳᠠᠨ ᠤ ᠮᠤᠩᠭ᠋ᠤᠯ ᠡ ᠭᠡᠵᠤ ᠳᠠᠨ ᠊ᠤ

ᠥᠷᠦᠪᠳᠡᠭᠦ ᠴᠢᠨᠢ ᠨᠠᠩ ᠳᠠᠭᠠᠷᠠᠨ᠎ᠠ

ᠳᠠᠨ ᠤ ᠮᠤᠩᠭ᠋ᠤᠯ ᠴᠢᠨᠢ ᠬᠠᠷᠢᠨ

ᠳᠠᠯ᠎ᠠ ᠶᠢᠨ ᠮᠤᠩᠭ᠋ᠤᠯ ᠪᠣᠯᠵᠠᠢ


ᠭᠡᠳᠡᠯ᠎ᠡ ᠮᠢᠨᠤ ᠮᠤᠩᠭ᠋ᠤᠯ ᠪᠣᠯ

ᠮᠦᠰᠤᠨ ᠳᠠᠯᠠᠢ ᠶᠢᠨ ᠮᠤᠩᠭ᠋ᠤᠯ ᠶᠤᠮ

ᠮᠦᠴᠢᠳᠤ ᠠᠮᠢᠳᠠᠨ ᠤ ᠰᠦᠰᠦ ᠵᠢ

ᠭᠡᠮᠭᠡᠯᠵᠤ ᠶᠠᠪᠣᠭᠰᠠᠨ ᠮᠤᠩᠭ᠋ᠤᠯ ᠡ


ᠭᠡᠪᠠᠴᠤ ᠮᠢᠨᠤ ᠮᠤᠩᠭ᠋ᠤᠯ ᠪᠣᠯ

ᠮᠥᠩᠭᠡ ᠳᠡᠭ᠍ᠷᠢ ᠶᠢᠨ ᠮᠤᠩᠭ᠋ᠤᠯ ᠶᠤᠮ

ᠮᠥᠯᠭᠦᠵᠤ ᠪᠠᠢ᠌ᠭᠰᠠᠨ ᠣᠷᠤᠨ ᠡᠴᠡ ᠪᠠᠨ

ᠮᠠᠠᠳᠤᠵᠤ ᠪᠣᠰᠳᠠᠭ ᠮᠤᠩᠭ᠋ᠤᠯ ᠶᠤᠮ ᠡ


ᠡᠢ᠌ᠮᠤ ᠣᠴᠢᠷ ᠡᠴᠡ ᠮᠤᠩᠭ᠋ᠤᠯ ᠭᠦᠮᠤᠨ

ᠰᠡᠭᠦᠷᠡᠰᠤ ᠶᠢ ᠭᠡᠵᠢᠶᠡᠳᠡ ᠢᠳᠡᠭᠡᠳᠡᠭ᠌ ᠥᠭᠡᠢ

ᠳᠠᠢ᠌ᠮᠤ ᠭᠦᠴᠢᠷ ᠡᠴᠡ ᠵᠠᠷᠢᠮ ᠭᠦᠮᠤᠨ ᠤ

ᠰᠡᠵᠢᠭ᠌ ᠨᠢ ᠶᠠᠷᠤ ᠠᠯᠳᠠᠷᠠᠳᠠᠭ ᠥᠭᠡᠢ


ᠰᠡᠵᠢᠭ᠌ ᠦᠭᠡᠶ ᠮᠤᠩᠭ᠋ᠤᠯ ᠣᠳᠤ

ᠠᠵᠢᠭ ᠦᠭᠡᠶ ᠠᠮᠢᠳᠤᠷᠠᠨ᠎ᠠ

ᠰᠥᠵᠢᠭ᠌ ᠦᠭᠡᠶ ᠭᠦᠮᠤᠨ ᠬᠤᠵᠢᠮ

ᠮᠠᠴᠤᠭ ᠦᠭᠡᠶ ᠵᠠᠯᠪᠠᠷᠢᠨ᠎ᠠ ᠁


ᠮᠤᠩᠭ᠋ᠤᠯ ᠶᠤᠮ ᠪᠣᠯ

᠊᠊᠊᠊᠊᠊᠊᠊᠊᠊᠊᠊᠊᠊᠊ ᠲᠦᠷᠦᠯᠭᠢ ᠰᠠᠢ᠌ᠬᠠᠨ ᠭᠡᠯᠡ ᠪᠠᠷ ᠵᠢᠠᠨ

ᠲᠦᠷᠦᠯ ᠣᠯᠤᠭᠰᠠᠨ ᠶᠢᠡᠨ ᠪᠣᠤ ᠮᠠᠷᠳᠠᠶ᠎ᠠ


ᠮᠤᠩᠭ᠋ᠤᠯ ᠶᠤᠮ ᠪᠣᠯ ᠴᠢ

ᠮᠤᠩᠭ᠋ᠤᠯ ᠶᠢᠡᠷ ᠶᠢᠡᠨ ᠦᠴᠢ

〈ᠮᠤᠨᠤᠭ ᠪᠢᠳᠠᠭᠤ〉 ᠴᠤ ᠮᠢᠨᠤ ᠭᠡᠯᠡ

ᠮᠤᠰᠢᠭᠠᠢ ᠠᠪᠢᠶ᠎ᠠ ᠭᠠᠷᠬᠤ ᠥᠭᠡᠢ


ᠮᠤᠩᠭ᠋ᠤᠯ ᠶᠤᠮ ᠪᠣᠯ ᠴᠢ

ᠮᠤᠩᠭ᠋ᠤᠯ ᠶᠢᠡᠷ ᠶᠢᠡᠨ ᠪᠢᠴᠢ

ᠮᠤᠷᠤᠢ ᠰᠠᠷᠤᠢ ᠴᠤ ᠮᠢᠨᠤ ᠥᠰᠦᠭ᠌

ᠭᠡᠪᠳᠡᠵᠤ ᠭᠤᠯᠭᠤᠵᠤ ᠶᠠᠪᠣᠬᠤ ᠥᠭᠡᠢ


ᠮᠤᠩᠭ᠋ᠤᠯ ᠶᠤᠮ ᠪᠣᠯ ᠴᠢ

ᠮᠤᠩᠭ᠋ᠤᠯ ᠲᠡᠶ ᠪᠠᠨ ᠪᠦᠯᠭᠦᠮᠳᠡ

ᠮᠤᠩᠭ᠋ᠤᠯ ᠡᠭᠡ ᠶᠢᠨ ᠰᠥ᠋ ᠵᠢ

ᠰᠢᠮᠠᠵᠤ ᠥᠰᠦᠭ᠍ᠰᠡᠨ ᠶᠢᠡᠨ ᠪᠣᠳᠤ


ᠮᠤᠩᠭ᠋ᠤᠯ ᠶᠤᠮ ᠪᠣᠯ ᠴᠢ

ᠮᠤᠩᠭ᠋ᠤᠯ ᠶᠢᠡᠨ ᠬᠠᠢ᠌ᠷᠠᠯᠠ

ᠮᠤᠩᠭ᠋ᠤᠯ ᠭᠦᠮᠤᠨ ᠤ ᠴᠢᠰᠤ ᠪᠠᠷ

ᠭᠦᠮᠤᠨ ᠪᠣᠯᠤᠭᠰᠠᠨ ᠶᠢᠡᠨ ᠰᠠᠤᠠᠭᠢ


ᠮᠤᠩᠭ᠋ᠤᠯ ᠶᠤᠮ ᠪᠣᠯ ᠴᠢ

ᠮᠤᠩᠭ᠋ᠤᠯ ᠳᠠᠭᠠᠨ ᠠᠭᠤᠷᠯᠠ

ᠮᠤᠳᠤᠨ ᠭᠦᠷᠵᠡ ᠶᠢ ᠰᠢᠪᠠᠷ ᠳᠤᠨᠢ

ᠬᠤᠭᠤ ᠬᠤᠭᠤ ᠴᠤᠭᠢ


ᠮᠤᠩᠭ᠋ᠤᠯ ᠶᠤᠮ ᠪᠣᠯ ᠴᠢ

ᠮᠤᠩᠭ᠋ᠤᠯ ᠳᠠᠭᠠᠨ ᠵᠢᠦᠡᠭᠦ

ᠮᠤᠩᠭ᠋ᠤᠯ ᠮᠤᠩᠭ᠋ᠤᠯ ᠶᠢᠡᠨ ᠳᠡᠮᠵᠢᠭᠡᠤᠨ

ᠮᠥᠩᠭᠡ ᠭᠠᠯ ᠶᠢᠡᠨ ᠳᠦᠷᠡᠯᠵᠢᠭᠦᠯ︕

ᠵᠤᠬᠢᠶᠠᠭᠴᠢ᠄ ᠨᠠ᠊·ᠬᠦᠬᠡᠰᠢᠭᠤᠢ
ᠢᠷᠡᠯᠲᠡ᠄ ᠵᠤᠬᠢᠶᠠᠭᠴᠢ ᠡᠴᠡ ᠬᠠᠩᠭᠠᠪᠠ
ᠬᠠᠷᠢᠶ᠎ᠠ᠄ ᠰᠢᠯᠦᠭ
ᠳᠠᠷᠤᠮ᠄ 3280
ᠴᠠᠭ᠄ 2005 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ