ᠨᠡᠪᠲᠡᠷᠡᠨ ᠤᠷᠤᠬᠤ
ᠳᠤᠭᠠᠨ ᠤ ᠣᠬᠠᠭᠠᠨ ᠤ 《ᠡᠮᠨᠡᠯᠭᠡ》

ᠡᠳᠦᠷ ᠳᠤᠳᠤᠮ ᠤᠨ ᠠᠮᠢᠳᠤᠷᠠᠯ ᠳᠤ ᠬᠤᠯᠪᠣᠭᠳᠠᠬᠤ ᠮᠠᠰᠢ ᠣᠯᠠᠨ ᠳᠤᠭᠠᠨ ᠤ ᠣᠬᠠᠭᠠᠨ ᠤ ᠠᠰᠠᠭᠤᠳᠠᠯ ᠢ ᠪᠢᠳᠠ ᠨᠠᠷᠢᠨ ᠭᠢᠨᠠᠮᠠᠭᠠᠢ ᠪᠣᠳᠤᠯᠭᠢᠯᠠᠬᠤ ᠦᠭᠡᠶ ᠪᠣᠯ ᠠᠮᠠᠷᠬᠠᠨ ᠪᠣᠷᠤᠭᠤ ᠭᠠᠷᠭᠠᠳᠠᠭ ᠶᠤᠮ᠂ ᠲ᠋ᠤᠤᠷᠠᠭᠢ ᠵᠢᠱᠢᠶ᠎ᠠ ᠶᠢ ᠬᠠᠷᠠᠭᠠᠴᠢ᠄

1᠂ ᠨᠢᠭᠡᠨ ᠭᠡᠰᠡᠭ᠌ ᠣᠷᠳᠤ ᠮᠤᠳᠤᠨ ᠮᠠᠲ᠋ᠸᠷᠢᠶᠠᠯ ᠢ 2 ᠭᠡᠰᠡᠭ᠌ ᠪᠣᠯᠭᠠᠨ ᠭᠢᠷᠦᠭᠡᠳᠦᠪᠠᠯ 1 ᠮᠢᠨᠦ᠋ᠲ ᠭᠡᠷᠡᠭ᠍ᠰᠡᠨ᠎ᠡ᠂ ᠭᠡᠷᠪᠡ 6 ᠭᠡᠰᠡᠭ᠌ ᠪᠣᠯᠭᠠᠨ ᠭᠢᠷᠦᠭᠡᠳᠦᠪᠠᠯ ᠭᠡᠳᠦᠢ ᠮᠢᠨᠦ᠋ᠲ ᠭᠡᠷᠡᠭ᠍ᠰᠡᠭᠦ ᠪᠣᠢ︖

ᠪᠣᠷᠤᠭᠤ ᠪᠣᠳᠤᠬᠤ᠄

6 ÷ 2 × 1 = 3ᠮᠢᠨᠦ᠋ᠲ

ᠵᠠᠳᠠᠯᠪᠠᠯ᠄ ᠮᠤᠳᠤᠨ ᠮᠠᠲ᠋ᠸᠷᠢᠶᠠᠯ ᠢ ᠬᠤᠶᠠᠷ ᠭᠡᠰᠡᠭ᠌ ᠪᠣᠯᠭᠠᠨ ᠣᠭᠳᠤᠯᠠᠬᠤ ᠳᠤ ᠨᠢᠭᠡ ᠯᠠ ᠣᠳᠠᠭ᠎ᠠ ᠭᠢᠷᠦᠭᠡᠳᠦᠨ᠎ᠡ᠂ ᠲ᠋ᠡᠷᠦᠢ ᠨᠢᠭᠡ ᠣᠳᠠᠭ᠎ᠠ ᠭᠢᠷᠦᠭᠡᠳᠦᠭᠦ ᠳᠤ ᠨᠢᠭᠡ ᠮᠢᠨᠦ᠋ᠲ ᠭᠡᠷᠡᠭ᠍ᠰᠡᠨ᠎ᠡ᠂ ᠭᠡᠪᠠᠴᠤ ᠮᠤᠳᠤᠨ ᠮᠠᠲ᠋ᠸᠷᠢᠶᠠᠯ ᠊ᠢ 6 ᠭᠡᠰᠡᠭ᠌ ᠪᠣᠯᠭᠠᠨ ᠣᠭᠳᠤᠯᠠᠬᠤ ᠳ᠋ᠤ 5 ᠣᠳᠠᠭ᠎ᠠ ᠭᠢᠷᠦᠭᠡᠳᠦᠭᠦ ᠭᠡᠷᠡᠭ᠍ᠳᠡᠢ᠂ ᠡᠢ᠌ᠮᠤ ᠡᠴᠡ 1 × 5 = 5 ᠮᠢᠨᠦ᠋ᠲ ᠭᠡᠷᠡᠭ᠍ᠰᠡᠪᠠᠯ ᠰᠡᠶ‍ᠢ ᠮᠤᠳᠤᠨ ᠮᠠᠲ᠋ᠸᠷᠢᠶᠠᠯ ᠢ 6 ᠭᠡᠰᠡᠭ᠌ ᠪᠣᠯᠭᠠᠨ ᠭᠢᠷᠦᠭᠡᠳᠦᠨ᠎ᠡ᠃

2᠂ ᠭᠤᠤᠯ ᠤᠨ ᠭᠦᠪᠠᠭᠡ ᠳᠤ ᠨᠢᠭᠡ ᠯᠠ ᠪᠢᠴᠢᠬᠠᠨ ᠣᠩᠭ᠋ᠤᠴᠠ ᠪᠠᠢ᠌ᠨ᠎ᠡ᠂ ᠨᠢᠭᠡ ᠣᠳᠠᠭ᠎ᠠ ᠵᠥᠪᠭᠡᠨ 5 ᠭᠦᠮᠤᠨ ᠢ ᠯᠠ ᠳᠡᠭᠡᠭᠡᠵᠤ ᠳᠡᠢ᠌ᠯᠦᠨ᠎ᠡ᠂ ᠲ᠋ᠡᠭᠡᠭᠦ ᠳᠤ ᠣᠳᠤ ᠪᠦᠭᠦᠳᠡ 20 ᠭᠦᠮᠤᠨ ᠣᠩᠭ᠋ᠤᠴᠠᠨ ᠳᠤ ᠰᠠᠭᠤᠭᠠᠤᠨ ᠭᠤᠤᠯ ᠭᠠᠳᠤᠯᠬᠤ ᠪᠠᠷ ᠪᠠᠢ᠌ᠨ᠎ᠠ᠃ ᠠᠰᠠᠭᠤᠬᠤ ᠨᠢ᠂ ᠡᠨᠡ ᠤᠩᠭ᠋ᠦᠴᠡ ᠪᠠᠭ᠎ᠠ ᠳ᠋ᠡᠭᠡᠨ ᠭᠡᠳᠤ ᠣᠳᠠᠭ᠎ᠠ ᠶᠠᠪᠣᠪᠠᠯ ᠡᠳᠡᠭᠡᠷ ᠭᠦᠮᠦᠰ ᠢ ᠪᠦᠭᠦᠳᠡ ᠶᠢ ᠭᠤᠤᠯ ᠭᠠᠳᠤᠯᠠᠭᠤᠯᠬᠤ ᠪᠣᠢ︖

ᠪᠣᠷᠤᠭᠤ ᠪᠣᠳᠤᠬᠤ᠄

20 ÷ 5 = 4ᠣᠳᠠᠭ᠎ᠠ

ᠵᠠᠳᠠᠯᠪᠠᠯ᠄ ᠪᠣᠳᠤᠵᠤ ᠥᠵᠡᠭᠡᠴᠢ᠂ ᠪᠢᠴᠢᠭᠡᠨ ᠣᠩᠭ᠋ᠤᠴᠠ ᠭᠤᠤᠯ ᠤᠨ ᠴᠠᠭᠠᠳᠤ ᠡᠷᠭᠢ ᠳᠤ ᠭᠦᠷᠭᠦ ᠦᠶ᠎ᠡ ᠣᠩᠭ᠋ᠤᠴᠠ ᠳᠡᠭᠡᠷᠡᠭᠢ 5 ᠭᠦᠮᠤᠨ ᠪᠦᠭᠦᠨ ᠶᠢᠡᠷ ᠶᠢᠡᠨ ᠡᠷᠭᠢ ᠳᠤ ᠭᠠᠷᠴᠤ ᠪᠣᠯᠬᠤ ᠶᠤᠮ ᠦᠦ︖ ᠪᠣᠯᠬᠤ ᠦᠭᠡᠶ᠂ ᠵᠠᠪᠠᠯ ᠣᠩᠭ᠋ᠤᠴᠠᠴᠢᠨ ᠦᠯᠠᠳᠠᠵᠤ ᠣᠩᠭ᠋ᠤᠴᠠ ᠪᠠᠨ ᠰᠠᠯᠢᠵᠤ ᠬᠠᠷᠢᠬᠤ ᠭᠡᠷᠡᠭ᠍ᠳᠡᠢ ᠪᠠᠢ᠌ᠳᠠᠭ ᠡᠴᠡ (ᠬᠠᠮᠤᠭ ᠰᠡᠭᠦᠯ ᠤᠨ ᠣᠳᠠᠭ᠎ᠠ ᠡᠴᠡ ᠭᠠᠳᠠᠨ᠎ᠠ) ᠦᠨᠡᠨ ᠳᠡᠭᠡᠨ ᠨᠢᠭᠡ ᠣᠳᠠᠭ᠎ᠠ 4 ᠭᠦᠮᠤᠨ ᠯᠠ ᠭᠠᠳᠤᠯᠵᠤ ᠳᠡᠢ᠌ᠯᠦᠨ᠎ᠡ᠂ ᠡᠢ᠌ᠮᠤ ᠡᠴᠡ 20 ᠭᠦᠮᠤᠨ ᠪᠦᠭᠦᠳᠡᠭᠡᠷ ᠭᠤᠤᠯ ᠭᠠᠳᠤᠯᠬᠤ ᠳᠤ ᠠᠳᠠᠭ ᠲᠠᠭᠠᠨ 5 ᠣᠳᠠᠭ᠎ᠠ ᠶᠠᠪᠣᠨ᠎ᠠ᠃

3᠂ ᠨᠢᠭᠡᠨ ᠠᠩᠭᠢ ᠰᠤᠷᠤᠭᠴᠢᠳ ᠳᠦᠷᠪᠡᠨ ᠮᠦᠷ ᠪᠣᠯᠵᠤ ᠵᠢᠭᠰᠠᠬᠤ ᠳᠤ ᠮᠦᠷ ᠪᠦᠷᠢ ᠶᠢᠨ ᠭᠦᠮᠤᠨ ᠤ ᠳᠤᠭ᠎ᠠ ᠨᠢ ᠠᠳᠠᠯᠢᠬᠠᠨ ᠪᠠᠢ᠌ᠪᠡ᠃ ᠭᠦᠭᠡ ᠬᠤᠶᠠᠳᠤᠭᠠᠷ ᠮᠦᠷ ᠲᠤ ᠪᠠᠢ᠌ᠨ᠎ᠡ᠂ ᠡᠨᠡ ᠮᠦᠷ ᠤᠨ ᠡᠮᠦᠨ᠎ᠡ ᠡᠴᠡ ᠬᠣᠢ᠌ᠰᠢ ᠳᠤᠭᠠᠯᠠᠪᠠᠯ ᠭᠦᠭᠡ ᠨᠢ᠋ᠮᠠᠳᠤᠭᠠᠷ ᠲᠤ ᠪᠠᠢ᠌ᠵᠤ᠂ ᠬᠣᠢ᠌ᠨ᠎ᠠ ᠡᠴᠡ ᠡᠮᠦᠨᠡᠰᠢ ᠳᠤᠭᠠᠯᠠᠪᠠᠯ ᠳᠠᠷᠠ ᠳᠠᠪᠣᠳᠤᠭᠠᠷ ᠲᠤ ᠪᠠᠢ᠌ᠨ᠎ᠡ᠃ ᠡᠨᠡ ᠠᠩᠭᠢ ᠳᠤ ᠨᠠᠢ᠌ᠳᠠ ᠭᠡᠳᠦᠢ ᠰᠤᠷᠤᠭᠴᠢ ᠲᠡᠶ ᠪᠣᠢ︖

ᠪᠣᠷᠤᠭᠤ ᠪᠣᠳᠤᠬᠤ᠄

(8 + 5) × 4 = 52 ᠭᠦᠮᠤᠨ

ᠵᠡᠳᠡᠯᠪᠠᠯ᠄ ᠡᠮᠦᠨ᠎ᠡ ᠡᠴᠡ ᠬᠣᠢ᠌ᠰᠢ ᠳᠤᠭᠠᠯᠠᠪᠠᠯ ᠭᠦᠭᠡ ᠨᠢ᠋ᠮᠠᠳᠤᠭᠠᠷ ᠲᠤ ᠪᠠᠢ᠌ᠬᠤ ᠳᠤᠯᠠ ᠳᠡᠭᠦᠨ ᠤ ᠡᠮᠦᠨ᠎ᠡ 7 ᠭᠦᠮᠤᠨ ᠪᠠᠢ᠌ᠨ᠎ᠠ᠂ ᠬᠣᠢ᠌ᠨ᠎ᠠ ᠡᠴᠡ ᠡᠮᠦᠨᠡᠰᠢ ᠳᠤᠭᠠᠯᠠᠪᠠᠯ ᠭᠦᠭᠡ ᠳᠠᠪᠣᠳᠤᠭᠠᠷ ᠲᠤ ᠪᠠᠢ᠌ᠬᠤ ᠳᠤᠯᠠ ᠳᠡᠭᠦᠨ ᠤ ᠠᠷᠤ ᠳᠤ 4 ᠭᠦᠮᠤᠨ ᠪᠠᠢ᠌ᠨ᠎ᠡ᠂ ᠡᠢ᠌ᠮᠤ ᠡᠴᠡ ᠮᠦᠷ ᠪᠦᠷᠢ ᠳᠤ 7 + 1 + 4 = 12 ᠭᠦᠮᠤᠨ ᠲᠡᠶ᠂ ᠲ᠋ᠤᠰ ᠠᠩᠭᠢ ᠳᠤ 12 × 4 = 48 ᠭᠦᠮᠤᠨ ᠲᠡᠶ᠃

ᠵᠤᠬᠢᠶᠠᠭᠴᠢ᠄ ᠤᠶᠤᠨᠭᠡᠷᠡᠯ
ᠢᠷᠡᠯᠲᠡ᠄ ᠤᠶ‍ᠦᠡᠭᠡᠷᠡᠯ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 6665
ᠴᠠᠭ᠄ 2007 ᠤᠨ ᠤ 07 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ