☆ ᠳᠡᠭ᠍ᠷᠢᠡᠰᠡᠯᠭᠢ
ᠥᠴᠦᠭᠡᠨ ᠰᠠᠨᠠᠭᠤᠯᠤᠮᠵᠢ
ᠦᠨᠳᠦᠷ ᠭᠠᠩᠭ᠋ᠠᠩ ᠵᠠᠯᠠᠭᠤ ᠭᠡᠳ
ᠥᠩᠭᠡᠷᠡᠤ ᠪᠣᠤ ᠳᠤᠷᠠᠯᠠ ᠭᠡᠦᠭᠡᠡᠴᠦᠳ ᠡ
ᠡᠳᠦᠷ ᠲᠤ ᠭᠤᠷᠪᠠ ᠬᠤᠪᠢᠷᠠᠳᠠᠭ ᠪᠣᠯ
ᠦᠨᠡᠠᠴᠢ ᠬᠠᠢ᠌ᠷ᠎ᠠ ᠶᠢᠨ ᠴᠢᠨᠢ ᠭᠠᠷᠤᠵᠠ︕
ᠥᠩᠭᠡᠯᠢᠭ᠌ ᠭᠡᠭᠡᠡᠴᠡᠷ ᠦᠬᠢᠨ ᠭᠡᠳ
ᠥᠩᠭᠡᠷᠡᠤ ᠪᠣᠤ ᠰᠠᠨᠠᠭᠠᠷᠠ ᠭᠦᠦᠴᠦᠳ ᠡ
ᠥᠭᠡᠳᠡᠯᠡᠭᠦ ᠠᠮᠢᠳᠤᠷᠠᠯ ᠢ ᠴᠢᠨᠢ ᠳᠠᠳᠠᠬᠤ ᠦᠭᠡᠶ ᠪᠣᠯ
ᠡᠨᠡ ᠨᠠᠰᠤᠨ ᠤ ᠴᠢᠨᠢ ᠭᠠᠷᠤᠵᠠ︕
ᠡᠳ᠋ ᠲᠡᠶ ᠭᠡᠷ ᠤᠨ ᠭᠦᠤ ᠭᠡᠳ
ᠥᠩᠭᠡᠷᠡᠤ ᠪᠣᠤ ᠰᠢᠨᠤᠬᠠᠢ᠌ᠷᠠ ᠭᠡᠦᠭᠡᠡᠴᠦᠳ ᠡ
ᠡᠳᠦᠷ ᠤᠨ ᠠᠵᠢᠯ ᠳᠤ ᠪᠠᠨ ᠵᠠᠯᠬᠠᠭᠤ ᠪᠣᠯ
ᠥᠭᠡᠢ᠌ᠷᠡᠵᠤ ᠬᠤᠭᠤᠰᠤᠷᠠᠬᠤ ᠶᠢᠨ ᠳᠡᠮᠳᠡᠭ᠌︕
ᠡᠷᠭᠡ ᠲᠡᠶ ᠭᠦᠮᠤᠨ ᠤ ᠦᠬᠢᠨ ᠭᠡᠳ
ᠥᠩᠭᠡᠷᠡᠤ ᠪᠣᠤ ᠳᠠᠳᠠᠭᠳᠠ ᠭᠦᠦᠴᠦᠳ ᠡ
ᠢᠷᠭᠡᠳ ᠢ ᠮᠦᠯᠵᠢᠵᠤ ᠣᠯᠤᠭᠰᠠᠨ ᠪᠣᠯ
ᠥᠮᠡᠭᠡᠢ᠌ᠷᠡᠵᠤ ᠪᠠᠷᠠᠬᠤ ᠶᠢᠨ ᠳᠡᠮᠳᠡᠭ᠌︕
ᠬᠠᠷᠠᠬᠤ ᠳᠤ ᠬᠠᠪᠣ ᠦᠭᠡᠶ ᠭᠡᠳ
ᠬᠠᠷᠠᠳᠠᠢ ᠪᠣᠤ ᠭᠤᠯᠤ ᠭᠡᠦᠭᠡᠡᠴᠦᠳ ᠡ
ᠬᠠᠯᠠᠭᠤᠨ ᠳᠤᠯᠠᠭᠠᠨ ᠵᠢᠷᠦᠭᠡ ᠲᠡᠶ ᠪᠣᠯ
ᠬᠠᠨᠢ ᠶᠢᠨ ᠵᠠᠶᠠᠭ᠎ᠠ ᠪᠠᠨ ᠬᠤᠯᠪᠣ︕
ᠭᠦᠮᠤᠨ ᠳᠤ ᠬᠤᠪᠢ ᠪᠠᠷ ᠠᠨᠠᠢ ᠭᠡᠳ
ᠭᠡᠳᠦᠷᠭᠡᠢ ᠪᠣᠤ ᠭᠤᠯᠤ ᠭᠦᠦᠴᠦᠳ ᠡ
ᠭᠡᠳᠥᠢ᠌ᠳᠡᠭ᠍ᠰᠡᠨ ᠮᠡᠷᠭᠡᠨ ᠣᠬᠠᠭᠠᠨ ᠲᠡᠶ ᠪᠣᠯ
ᠬᠠᠷ᠎ᠠ ᠦᠰᠦ ᠪᠠᠨ ᠬᠤᠯᠪᠣ︕
ᠳᠦᠷᠢᠮᠡᠭᠡᠢ ᠵᠠᠩ ᠲᠡᠶ ᠵᠠᠯᠠᠭᠤ ᠵᠢ
ᠳᠡᠩᠳᠡᠭᠦᠤ ᠪᠣᠤ ᠳᠤᠭᠤ ᠭᠡᠦᠭᠡᠡᠴᠦᠳ ᠡ
ᠲᠦᠪᠰᠢᠨ ᠠᠮᠤᠭᠤᠯᠠᠩ ᠠᠮᠢᠳᠤᠷᠠᠯ ᠤᠨ ᠴᠢᠨᠢ
ᠳᠦᠷᠪᠡᠨ ᠤ ᠭᠤᠷᠪᠠ ᠨᠢ ᠭᠡᠷᠡᠭᠦᠯ︕
ᠰᠠᠯᠠᠩ ᠵᠠᠳᠠᠭᠠᠢ ᠭᠡᠦᠭᠡᠨ ᠢ
ᠰᠠᠢ᠌ᠮᠰᠤᠷᠠᠵᠤ ᠪᠣᠤ ᠳᠤᠭᠤ ᠭᠦᠦᠴᠦᠳ ᠡ
ᠰᠠᠢ᠌ᠬᠠᠨ ᠢᠷᠡᠭᠡᠳᠥᠢ᠌ᠳᠤ ᠠᠮᠢᠳᠤᠷᠠᠯ ᠤᠨ ᠴᠢᠨᠢ
ᠰᠠᠢ᠌ᠨ ᠬᠠᠭᠠᠰ ᠨᠢ ᠭᠡᠷᠡᠭᠦᠯ︕
ᠠᠷᠢᠭᠤᠨ ᠰᠡᠳᠭᠢᠯᠳᠤ ᠵᠠᠯᠠᠭᠤ ᠳᠠᠢ
ᠠᠭᠰᠢᠷᠠᠳᠠᠯᠠ ᠠᠮᠢᠳᠤᠷᠠᠬᠤ ᠶᠢ ᠪᠣᠳᠤ ᠭᠡᠦᠭᠡᠡᠴᠦᠳ ᠡ
ᠠᠭᠠᠭ ᠲᠡᠶ ᠪᠣᠳᠠᠭ᠎ᠠ ᠢᠳᠠᠪᠠᠴᠤ
ᠠᠯᠳᠠ ᠪᠠᠷ ᠰᠤᠯᠢᠬᠤ ᠦᠭᠡᠶ ᠵᠢᠷᠭᠠᠯ︕
ᠦᠨᠡᠠᠴᠢ ᠴᠠᠢ᠌ᠯᠭᠠᠨ ᠦᠬᠢᠨ ᠳᠠᠢ
ᠦᠳᠡᠯᠤᠳᠠᠯᠠ ᠰᠠᠭᠤᠬᠤ ᠶᠢ ᠪᠣᠳᠤ ᠭᠦᠦᠴᠦᠳ ᠡ
ᠡᠮᠦᠰᠦᠭ᠍ᠰᠡᠨ ᠬᠤᠪᠴᠠᠰᠤ ᠴᠢᠨᠢ ᠨᠥᠭᠦᠭᠡᠰᠤ ᠲᠡᠶ ᠴᠤ
ᠡᠷᠳᠡᠨᠢ ᠪᠠᠷ ᠰᠤᠯᠢᠬᠤ ᠦᠭᠡᠶ ᠵᠢᠷᠭᠠᠯ︕
ᠴᠢᠩ ᠦᠨᠡᠨ ᠭᠡᠵᠤ ᠪᠣᠳᠤᠭᠰᠠᠨ ᠪᠣᠯ
ᠴᠡᠭᠡᠵᠢᠯᠡᠵᠤ ᠶᠠᠪᠣᠨ᠎ᠠ ᠦᠦ ᠵᠠᠯᠠᠭᠤᠴᠤᠳ ᠡ
ᠴᠡᠩᠭᠡᠭ᠌ ᠨᠠᠭᠤᠷ ᠤᠨ ᠣᠰᠤᠨ ᠳᠤ ᠰᠠᠷ᠎ᠠ ᠣᠨᠠᠭᠰᠠᠨ ᠶᠢᠡᠷ ᠰᠠᠨᠠᠨ᠎ᠠ ᠦᠦ︕
ᠴᠠᠯᠴᠢᠶ᠎ᠠ ᠬᠤᠭᠤᠰᠤᠨ ᠭᠡᠵᠤ ᠪᠣᠳᠤᠭᠰᠠᠨ ᠪᠣᠯ
ᠴᠠᠭᠠᠰᠢ ᠣᠷᠭᠢᠨ᠎ᠠ ᠦᠦ ᠵᠠᠯᠠᠭᠤᠴᠤᠳ ᠡ
ᠴᠠᠰᠤᠳᠤ ᠠᠭᠤᠯᠠ ᠶᠢᠨ ᠣᠷᠤᠢ ᠳᠡᠭᠡᠷ᠎ᠡ ᠴᠢᠨ᠋ᠸ᠎ᠠ ᠣᠯᠢᠭᠰᠠᠨ ᠶᠢᠡᠷ ᠳᠤᠭᠠᠴᠠᠨ᠎ᠠ ᠦᠦ︕
ᠪᠢ ᠭᠡᠯᠡᠭᠡᠳ ᠭᠡᠷᠡᠭ᠌ ᠥᠭᠡᠢ
ᠴᠢ ᠭᠢᠪᠠᠯ ᠮᠠᠳᠠᠨ᠎ᠡ᠂
ᠪᠦᠳᠦᠷᠢᠵᠤ ᠣᠢ᠌ᠴᠢᠬᠤ ᠦᠶ᠎ᠡ ᠳᠤ ᠪᠠᠨ
ᠪᠠᠳᠠᠭ ᠰᠢᠯᠦᠭ᠌ ᠢ ᠮᠢᠨᠢ ᠳᠤᠷᠠᠰᠤ︕
ᠵᠤᠬᠢᠶᠠᠭᠴᠢ ᠶᠢᠨ ᠬᠠᠶᠢᠭ ᠄ ᠵᠠᠰᠠᠭᠳᠤ ᠬᠤᠰᠢᠭᠤ
ᠵᠤᠬᠢᠶᠠᠭᠴᠢ᠄ ᠳᠡᠭ᠍ᠷᠢᠡᠰᠡᠯᠭᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2009 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ