ᠨᠡᠪᠲᠡᠷᠡᠨ ᠤᠷᠤᠬᠤ
ᠵᠡᠭᠦᠳᠤᠨ ᠳᠤ ᠪᠠᠭᠤᠴᠠ ᠲᠡᠶ ᠡᠵᠢ

ᠵᠤᠨ ᠤ ᠳᠡᠭ᠍ᠷᠢ ᠶᠢᠨ

ᠣᠳᠤᠨ ᠪᠠᠯᠴᠢᠭᠡ ᠰᠢᠭ᠌

ᠡᠵᠢ ᠮᠢᠨᠢ

ᠢᠨᠢᠶᠡᠮᠰᠦᠩᠭᠦᠢ ᠳᠦᠷᠢ ᠲᠡᠶ ᠪᠠᠨ

ᠵᠡᠭᠦᠳᠤᠨ ᠤ ᠪᠠᠭᠤᠴᠠ ᠪᠠᠷ

ᠣᠶᠠᠰᠴᠤ ᠢᠷᠠᠨ᠎ᠠ︕


ᠰᠤᠷᠭᠠᠭᠤᠯᠢ ᠶᠢᠨ ᠮᠦᠷ ᠵᠢᠠᠷ

ᠨᠠᠳᠠ ᠶᠢ ᠭᠦᠷᠭᠡᠯ᠎ᠡ

ᠭᠡᠵᠤ ᠵᠡᠭᠦᠳᠦᠯᠡᠯ᠎ᠡ

ᠰᠠᠯᠬᠤ ᠶᠢᠨ ᠊ᠭ᠍ᠱᠡᠨ ᠳ᠋ᠤ

ᠡᠵᠢ ᠪᠠᠨ ᠪᠣᠤ

ᠵᠤᠪᠠᠭᠠᠶ᠎ᠠ ᠭᠡᠵᠤ

ᠠᠷᠤ ᠬᠣᠢ᠌ᠨ᠎ᠠ ᠨᠢ

ᠵᠢᠰᠤ ᠡᠴᠠ ᠨᠢ ᠪᠣᠷᠤᠭᠤᠯᠠᠵᠤ

ᠨᠢᠯᠪᠣᠰᠤ ᠪᠠᠨ

ᠠᠷᠴᠢᠵᠤ ᠵᠡᠭᠦᠳᠦᠯᠡᠯ᠎ᠡ︕

ᠡᠵᠢ ᠳᠡᠭᠡᠨ

ᠢᠩᠭᠢᠵᠤ ᠣᠴᠠᠷᠠᠳᠠᠭ ᠶᠤᠮ

ᠥᠭᠦᠭᠡᠷᠳᠡᠨ ᠨᠢᠯᠬᠠᠷᠠᠵᠤ

ᠥᠨᠦᠰᠦᠭᠦᠯᠳᠡᠭ᠌ ᠶᠤᠮ︕


《ᠠᠮᠤᠭᠤᠯᠠᠩᠳᠤ ᠦᠳᠡᠰᠢ》 ᠪᠠᠷ

ᠡᠵᠢ ᠶᠢᠨ ᠰᠦᠨᠠᠰᠤ

ᠭᠦᠤ ᠪᠠᠨ ᠡᠷᠭᠢᠵᠤ

ᠰᠠᠭᠠᠳᠠᠵᠤ ᠢᠷᠡᠭ᠍ᠰᠡᠨ ᠢ

ᠰᠡᠷᠢᠭ᠍ᠰᠡᠨ ᠬᠣᠢ᠌ᠨ᠎ᠠ ᠪᠠᠨ

ᠪᠣᠳᠤᠵᠤ ᠣᠯᠤᠯ᠎ᠠ

ᠰᠢᠯᠦᠭ᠌ ᠪᠢᠴᠢᠨ

ᠳᠡᠮᠳᠡᠭᠯᠡᠵᠤ ᠥᠯᠡᠳᠡᠭᠡᠶ᠎ᠡ︕

ᠡᠵᠢ ᠭᠦᠮᠤᠨ ᠤ

ᠳᠡᠩᠳᠡᠭᠦᠤ ᠬᠠᠢ᠌ᠷ᠎ᠠ

ᠶ‍ᠢᠰᠤᠨ ᠳᠡᠭ᠍ᠷᠢ ᠡᠴᠠ

ᠢᠪᠠᠭᠡᠵᠤ ᠢᠷᠡᠳᠡᠭ᠌

ᠵᠠᠭᠤ ᠭᠦᠷᠦᠭ᠍ᠰᠡᠨ ᠴᠤ

ᠡᠵᠢ ᠳᠡᠭᠡᠨ ᠪᠢ

ᠨᠢᠯᠬᠠᠷᠠᠨ᠎ᠠ︕

ᠵᠠᠵᠢᠨ ᠳᠠᠭᠠᠨ ᠪᠣᠭᠤᠷᠤᠯᠳᠤᠭᠰᠠᠨ ᠴᠤ

ᠡᠵᠢ ᠪᠠᠷ ᠶᠢᠡᠨ ᠪᠢ

ᠥᠨᠦᠰᠦᠭᠦᠯᠦᠨ᠎ᠡ︕

ᠵᠡᠭᠦᠳᠤᠨ ᠪᠠᠭᠤᠴᠠ

ᠡᠵᠢ ᠶᠢᠨ ᠨᠤᠳᠤᠭ ᠳᠤ

ᠵᠤᠨ ᠵᠤᠨ ᠵᠢᠠᠷ

ᠳᠡᠯᠭᠡᠷ ᠭᠡᠰᠢᠭ᠌ ᠡ︕



ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠣᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2010 ᠤᠨ ᠤ 12 ᠰᠠᠷ᠎ᠠ ᠶᠢᠨ 25
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ