ᠨᠡᠪᠲᠡᠷᠡᠨ ᠤᠷᠤᠬᠤ
ᠰᠡᠳᠭᠢᠯ ᠤᠨ ᠮᠢᠨᠢ ᠭᠡᠯᠭᠢᠶ᠎ᠡ ᠨᠤᠳᠤᠭ

ᠬᠤᠤᠪᠤᠨ ᠰᠠᠪᠠ ᠲᠡᠶ ᠦᠷᠤᠮ᠎ᠠ ᠶᠢ ᠪᠠᠨ

ᠬᠠᠰᠠᠭ ᠳᠡᠷᠭᠡᠨ ᠳᠡᠭᠡᠨ ᠠᠴᠢᠶᠠᠯᠠᠭᠠᠤᠨ

ᠬᠤᠨᠤᠭ ᠤᠨ ᠵᠡᠭᠦᠳᠤ ᠪᠠᠷ ᠳᠠᠮᠵᠢᠭᠤᠯᠤᠨ

ᠬᠤᠯᠠ ᠶᠢᠨ ᠭᠦᠤ ᠳᠡᠭᠡᠨ ᠭᠦᠷᠭᠡᠭᠦ ᠳᠡᠭᠡᠨ


ᠠᠭᠠᠷᠤ ᠽᠠᠠᠳᠠᠨ ᠠᠶᠠᠭ᠎ᠠ ᠶᠢᠨ ᠠᠮᠰᠠᠷ ᠳᠦᠭᠦᠷᠡᠩ

ᠠᠭᠠᠷᠤᠯ ᠦᠷᠤᠮ᠎ᠠ ᠪᠠᠷ ᠶᠢᠡᠨ ᠪᠢᠯᠬᠠᠭᠤᠯᠵᠤ

ᠠᠷᠤ ᠭᠠᠵᠠᠷ ᠤᠨ ᠬᠤᠯᠠ ᠡᠴᠡ ᠪᠠᠨ

ᠠᠵᠤ ᠵᠢᠷᠭᠠᠯ ᠢ ᠮᠢᠨᠢ ᠢᠷᠦᠭᠡᠭ᠍ᠰᠡᠨ᠃


ᠵᠢᠷᠤᠮ ᠢ ᠭᠦᠡᠳᠦᠯᠡᠭ᠍ᠰᠡᠨ ᠠᠬᠠᠮᠠᠤᠨ ᠤᠨ ᠮᠢᠨᠢ

ᠵᠤᠯᠠ ᠮᠠᠳᠤ ᠰᠡᠳᠭᠢᠯᠳᠤ ᠨᠠᠰᠤᠳᠠᠤᠨ ᠤᠨ ᠮᠢᠨᠢ

ᠵᠡᠭᠦᠳᠦᠨ᠎ᠡ ᠳᠠᠯᠯᠠᠬᠤ ᠨᠤᠳᠤᠭ ᠤᠨ ᠮᠢᠨᠢ ᠰᠢᠮ᠎ᠠ

ᠵᠥᠭ᠍ᠨᠡᠨ ᠢᠷᠦᠭᠡᠭᠦ ᠳᠠᠯ᠎ᠠ ᠶᠢᠨ ᠮᠢᠨᠢ ᠢᠪᠠᠭᠡᠯ


ᠲᠦᠷᠦᠭᠦ ᠡᠴᠡ ᠳᠠᠮᠠᠭᠠᠯᠠᠭᠰᠠᠨ ᠨᠤᠳᠤᠭ

ᠳᠡᠦᠭᠡ ᠡᠴᠡ ᠰᠭᠤᠷᠢᠰᠢᠭᠰᠠᠨ ᠨᠤᠮᠢᠨ ᠳᠠᠯ᠎ᠠ

ᠳᠦᠷᠦᠭ᠍ᠰᠡᠨ ᠨᠤᠳᠤᠭ ᠤᠨ ᠮᠢᠨᠢ ᠬᠤᠷᠣᠢ᠌ᠯᠠᠯ

ᠳᠠᠰᠤᠯᠳᠠᠰᠢ ᠦᠭᠡᠶ ᠰᠡᠳᠭᠢᠯ ᠶᠢᠨ ᠮᠢᠨᠢ ᠭᠡᠯᠭᠢᠶ᠎ᠡ


ᠵᠤᠬᠢᠶᠠᠭᠴᠢ ᠶᠢᠨ ᠬᠠ‍‌ᠶᠢᠭ ᠄ ᠪᠠᠭᠡᠵᠢᠩ

ᠵᠤᠬᠢᠶᠠᠭᠴᠢ᠄ ᠰᠠᠯᠵᠢᠳ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2624
ᠴᠠᠭ᠄ 2011 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ