ᠨᠡᠪᠲᠡᠷᠡᠨ ᠤᠷᠤᠬᠤ
ᠳᠤᠮᠤᠭᠳᠤ ᠦᠵᠦᠮᠤᠴᠢᠨ

ᠳᠤᠮᠤᠭᠳᠤ ᠦᠵᠦᠮᠤᠴᠢᠨ

ᠠᠯᠳᠠᠢ ① ᠵᠢᠨ ᠪᠣᠭᠤᠷᠤᠯ ᠣᠷᠭᠢᠯ ᠵᠢᠠᠨ

ᠪᠠᠷᠠᠯᠠᠩᠬᠠᠨ ᠰᠢᠷᠳᠡᠩᠭᠡᠨ ᠣᠬᠠᠭᠠᠵᠢᠭᠰᠠᠨ ᠦᠵᠦᠮᠤᠴᠢᠨ᠂

ᠠᠽᠢᠶ᠎ᠠ ᠶᠢᠨ ᠭᠦᠷᠡᠩ ᠴᠢᠯᠠᠭᠤᠳ ᠢ

ᠳᠡᠷᠡᠯᠡᠩᠭᠡᠨ ᠳᠤᠯᠤᠩᠬᠠᠨ ᠥᠨᠳᠡᠢ᠌ᠭ᠍ᠰᠡᠨ ᠦᠵᠦᠮᠤᠴᠢᠨ᠃

《ᠳᠦᠷᠦᠭᠡ ᠬᠠᠩᠭᠢᠨᠠᠭᠤᠷ》 ② ᠊ᠤᠨ ᠬᠠᠪᠴᠢᠯ ᠵᠢᠠᠷ

ᠳᠦᠩᠭᠢᠨᠡᠩᠭᠡᠨ ᠰᠥᠩᠭᠢᠨᠡᠩᠭᠡᠨ ᠨᠡᠭᠦᠭ᠍ᠰᠡᠨ ᠦᠵᠦᠮᠤᠴᠢᠨ᠂

《ᠬᠤᠨᠢ ᠮᠠᠢ᠌ᠯᠠᠬᠤ》 ③ ᠵᠢᠨ ᠵᠢᠯᠠᠭ᠎ᠠ ᠪᠠᠷ

ᠬᠤᠨᠤᠩᠬᠠᠨ ᠥᠡᠵᠢᠩᠭᠡᠨ ᠴᠤᠪᠣᠭᠰᠠᠨ ᠦᠵᠦᠮᠤᠴᠢᠨ᠃

ᠭᠠᠭᠴᠠ ᠪᠦᠭᠦᠳᠤ ᠳᠡᠮᠡᠭᠡᠳ④ ᠵᠢᠠᠨ

ᠭᠠᠩᠬᠠᠭᠤᠯᠤᠩᠬᠠᠨ ᠳᠡᠰᠢᠭᠦᠯᠦᠩᠭᠡᠨ ᠣᠨᠤᠭᠰᠠᠨ ᠦᠵᠦᠮᠤᠴᠢᠨ᠂

ᠭᠠᠯᠪᠠ ᠱᠠᠩᠬ᠎ᠠ ᠶᠢᠨ ᠭᠤᠪᠢ⑤ ᠪᠠᠨ

ᠳᠤᠷᠠᠰᠤᠩᠬᠠᠨ ᠮᠥᠷᠦᠭᠡᠳᠦᠩᠭᠡᠨ ᠳᠤᠭᠤᠯᠤᠭᠰᠠᠨ ᠦᠵᠦᠮᠤᠴᠢᠨ᠃

ᠣᠨᠤᠨ᠂ ᠭᠡᠷᠦᠯᠤᠨ⑥ ᠊ᠤ ᠳᠡᠪᠰᠡᠭ᠌ ᠵᠢᠠᠷ

ᠣᠳᠤᠷᠯᠠᠩᠬᠠᠨ ᠨᠤᠳᠤᠭᠰᠢᠩᠬᠠᠨ ᠪᠠᠭᠤᠭᠰᠠᠨ ᠦᠵᠦᠮᠤᠴᠢᠨ᠂

ᠣᠯᠠᠭᠠᠢ᠂ ᠰᠠᠶ‍ᠢᠯᠵᠢ ⑦ ᠵᠢᠨ ᠳᠤᠬᠤᠢ ᠪᠠᠷ

ᠣᠭᠠᠯᠵᠠᠷᠠᠩᠬᠠᠨ ᠳᠤᠭᠣᠢ᠌ᠷᠠᠩᠬᠠᠨ ᠰᠠᠭᠤᠷᠢᠰᠢᠭᠰᠠᠨ ᠦᠵᠦᠮᠤᠴᠢᠨ᠃


① ᠠᠯᠳᠠᠢ ᠊᠊᠊᠊᠊᠊᠊᠊᠊᠊᠊᠊᠊᠊᠊ ᠠᠷᠤ ᠠᠯᠳᠠᠢ᠃ ᠣᠳᠤᠭᠢ ᠳᠤᠮᠳᠠᠳᠤ ᠣᠯᠤᠰ ᠤᠨ ᠰᠢᠠᠵᠢᠶᠠᠩ ᠤᠨ ᠬᠣᠢ᠌ᠳᠤ ᠪᠠᠶ᠎ᠠ ᠪᠣᠶᠤ ᠺᠠᠰᠠᠭᠰᠲ᠋ᠠᠨ ᠣᠯᠤᠰ᠂ ᠮᠤᠩᠭ᠋ᠤᠯ ᠣᠯᠤᠰ ᠤᠨ ᠭᠢᠯᠢ ᠪᠠᠷ ᠵᠠᠯᠭᠠᠯᠳᠤᠭ᠎ᠠ ᠠᠯᠳᠠᠢ ᠠᠭᠤᠯᠠ ᠨᠢᠷᠤᠭᠤᠳ᠃ ᠦᠵᠦᠮᠤᠴᠢᠠᠴᠤᠳ ᠤᠨ ᠠᠩᠬ᠎ᠠ ᠡᠭᠢᠨ ᠤ ᠰᠠᠭᠤᠷᠢᠰᠢᠵᠤ ᠪᠠᠢ᠌ᠭᠰᠠᠨ ᠨᠤᠳᠤᠭ᠃ ᠣᠳᠤ ᠡᠴᠡ ᠳᠦᠷᠪᠡ ᠡᠴᠡ ᠳᠠᠪᠤᠨ ᠵᠠᠭᠤᠨ ᠵᠢᠯ ᠤᠨ ᠪᠠᠷᠤᠭ ᠲᠤ ᠦᠵᠦᠮᠤᠴᠢᠠᠴᠤᠳ ᠡ᠊ᠨᠳᠡ ᠨᠤᠳᠤᠭᠯᠠᠵᠤ ᠪᠠᠢ᠌ᠭᠰᠠᠨ ᠭᠡᠳᠡᠭ᠌᠃ ᠡᠨᠡ ᠳᠤᠬᠠᠢ ᠳᠡᠦᠭᠡ ᠳᠡᠮᠳᠡᠭᠯᠡᠯ᠂ ᠪᠠᠳᠤᠳᠠᠢ ᠪᠠᠷᠢᠮᠳᠠ ᠰᠠᠯᠳᠠ ᠣᠯᠠᠨ ᠪᠣᠢ᠃

② 《ᠳᠦᠷᠦᠭᠡ ᠬᠠᠩᠭᠢᠨᠠᠭᠤᠷ》 ᠊᠊᠊᠊᠊᠊᠊᠊᠊᠊᠊᠊᠊᠊᠊ ᠦᠵᠦᠮᠤᠴᠢᠠᠴᠤᠳ ᠠᠯᠳᠠᠢ ᠬᠠᠩᠭ᠋ᠠᠢ ᠡᠴᠡ ᠨᠠᠰᠢ ᠨᠡᠭᠦᠳᠡᠯᠯᠡᠨ ᠭᠠᠷᠴᠤ ᠢᠷᠡᠭᠦ ᠳᠡᠭᠡᠨ ᠥᠩᠭᠡᠷᠡᠭ᠍ᠰᠡᠨ ᠭᠠᠵᠠᠷ᠃ ᠣᠳᠤᠭᠢ ᠮᠤᠩᠭ᠋ᠤᠯ ᠣᠯᠤᠰ ᠤᠨ ᠪᠠᠶᠠᠨ ᠊᠊᠊᠊᠊᠊᠊᠊᠊᠊᠊᠊᠊᠊᠊ ᠥᠯᠦᠭᠡᠢ ᠠᠢ᠌ᠮᠠᠭ ᠤᠨ ᠰᠠᠭᠰᠠᠢ ᠰᠤᠮᠤᠨ ᠤ ᠨᠤᠳᠤᠭ ᠲᠤ ᠪᠣᠢ᠃ ᠡ᠊ᠨᠳᠡ ᠺᠠᠰᠠᠭᠴᠤᠳ ᠭᠤᠤᠯᠳᠠᠭᠤ ᠰᠠᠭᠤᠳᠠᠭ᠃ ᠣᠰᠤ ᠪᠠᠯᠴᠢᠭᠡᠷ᠂ ᠣᠷᠭᠤᠮᠠᠯ ᠡᠪᠠᠰᠤ᠂ ᠠᠭᠤᠯᠠ ᠬᠠᠢ᠌ᠷᠬᠠᠳ᠂ ᠣᠢ ᠰᠢᠭᠤᠢ ᠲᠡᠶ ᠭᠦᠮᠤᠨ ᠵᠤᠨ᠂ ᠪᠠᠢ᠌ᠭᠠᠯᠢ ᠠᠬᠤᠢ ᠪᠠᠷ ᠭᠣᠢ᠌ᠳᠠ ᠰᠠᠢ᠌ᠬᠠᠨ ᠨᠤᠳᠤᠭ᠃

③ ᠳᠡᠭᠡᠷᠡᠭᠢ ᠲᠡᠶ ᠠᠳᠠᠯᠢ᠃

④ ᠭᠠᠭᠴᠠ ᠪᠦᠭᠦᠳᠤ ᠳᠡᠮᠡᠭᠡ ᠊᠊᠊᠊᠊᠊᠊᠊᠊᠊᠊᠊᠊᠊᠊ ᠦᠵᠦᠮᠤᠴᠢᠠᠴᠤᠳ ᠦᠪᠡᠷᠠᠰᠠᠤᠨ ᠢ ᠪᠠᠨ ᠣᠤᠯ ᠨᠢ ᠭᠠᠭᠴᠠ ᠪᠦᠭᠦᠳᠤ ᠳᠡᠮᠡᠭᠡ ᠣᠨᠤᠵᠤ ᠭᠠᠯᠪᠠ ᠱᠠᠩᠬ᠎ᠠ ᠶᠢᠨ ᠭᠤᠪᠢ ᠪᠠᠷ ᠨᠤᠳᠤᠭᠯᠠᠵᠤ ᠪᠠᠢ᠌ᠭᠰᠠᠨ ᠭᠡᠵᠤ ᠬᠠᠭᠤᠴᠢᠯᠠᠵᠤ ᠳᠤᠮᠤᠭᠯᠠᠨ ᠶᠠᠷᠢᠳᠠᠭ᠃

⑤ ᠭᠠᠯᠪᠠ ᠱᠠᠩᠬ᠎ᠠ ᠶᠢᠨ ᠭᠤᠪᠢ ᠊᠊᠊᠊᠊᠊᠊᠊᠊᠊᠊᠊᠊᠊᠊ ᠠᠯᠳᠠᠢ ᠬᠠᠩᠭ᠋ᠠᠢ ᠶᠢᠨ ᠠᠷᠤ ᠭᠢᠵᠠᠭᠠᠷ ᠲᠤ ᠪᠠᠢ᠌ᠬᠤ ᠭᠠᠵᠠᠷ ᠤᠨ ᠨᠠᠷ᠎ᠠ᠃

⑥ ᠣᠨᠤᠨ᠂ ᠭᠡᠷᠦᠯᠤᠨ ᠊᠊᠊᠊᠊᠊᠊᠊᠊᠊᠊᠊᠊᠊᠊ ᠦᠵᠦᠮᠤᠴᠢᠠᠴᠤᠳ ᠤᠨ ᠠᠯᠳᠠᠢ ᠬᠠᠩᠭ᠋ᠠᠢ ᠡᠴᠡ ᠨᠠᠰᠢ ᠨᠡᠭᠦᠳᠡᠯᠯᠡᠨ ᠢᠷᠡᠭᠦ ᠳᠡᠭᠡᠨ ᠨᠤᠳᠤᠭᠰᠢᠵᠤ ᠰᠠᠭᠤᠷᠢᠰᠢᠵᠤ ᠪᠠᠢ᠌ᠭᠰᠠᠨ ᠭᠠᠵᠠᠷ ᠪᠣᠶᠤ ᠳᠠᠮᠵᠢᠵᠤ ᠭᠠᠷᠴᠤ ᠢᠷᠡᠭ᠍ᠰᠡᠨ ᠭᠠᠵᠠᠷ᠃ ᠣᠳᠤᠭᠢ ᠮᠤᠩᠭ᠋ᠤᠯ ᠣᠯᠤᠰ ᠤᠨ ᠭᠢᠯᠢ ᠳ᠋ᠠᠭᠢ ᠣᠨᠤᠨ ᠮᠦᠷᠠᠨ᠂ ᠭᠡᠷᠦᠯᠤᠨ ᠭᠤᠤᠯ᠃

⑦ ᠣᠯᠠᠭᠠᠢ᠂ ᠰᠠᠶ‍ᠢᠯᠵᠢ ᠊᠊᠊᠊᠊᠊᠊᠊᠊᠊᠊᠊᠊᠊᠊ ᠣᠳᠤᠭᠢ ᠦᠵᠦᠮᠤᠴᠢᠠᠴᠤᠳ ᠤᠨ ᠰᠠᠭᠤᠷᠢᠰᠢᠭ᠎ᠠ ᠨᠤᠳᠤᠭ ᠣᠰᠤᠨ᠃ ᠵᠡᠭᠦᠨ ᠦᠵᠦᠮᠤᠴᠢᠨ ᠬᠤᠰᠢᠭᠤᠨ ᠤ ᠭᠢᠵᠠᠭᠠᠷ ᠲᠤ ᠪᠠᠢ᠌ᠭ᠎ᠠ ᠠᠯᠳᠠᠷᠳᠤ ᠣᠯᠠᠭᠠᠢ ᠭᠤᠤᠯ᠂ ᠳᠤᠮᠤᠭᠳᠤ ᠰᠠᠶ‍ᠢᠯᠵᠢ ᠭᠤᠤᠯ᠃


2009᠂ 4᠂ 14 ᠬᠦᠬᠡᠬᠤᠲᠠᠨ᠎ᠡ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2009 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ