ᠨᠡᠪᠲᠡᠷᠡᠨ ᠤᠷᠤᠬᠤ
ᠮᠦᠷᠦᠭᠡᠳᠦᠯ

ᠮᠦᠷᠦᠭᠡᠳᠦᠯ ᠭᠡᠵᠢ ᠰᠤᠨᠢᠨ

ᠮᠥᠩᠭᠡ ᠶᠢᠨ ᠬᠠᠳᠠᠭᠤ ᠳᠠᠷᠠᠰᠤᠨ

ᠡᠯᠢᠭᠡ ᠡᠮᠳᠡᠯᠡᠵᠤ ᠣᠭᠢᠯᠠᠮᠠᠷ ᠰᠠᠨ

ᠡᠩᠷᠡᠰᠡᠵᠤ ᠨᠢᠭᠡ ᠯᠠ ᠳᠠᠭᠤᠯᠠᠮᠠᠷ ᠴᠤ ᠶᠤᠮ

ᠦᠪᠡᠷ ᠢ ᠴᠢᠨᠢ ᠢᠷᠡᠭᠦ ᠡᠴᠡ ᠡᠮᠤᠨ᠎ᠡ

ᠦᠷᠯᠦᠭᠡ ᠦᠳᠡᠰᠢ ᠶᠢᠨ ᠭᠢᠯᠢ ᠶᠢ

ᠰᠤᠭᠳᠤᠵᠤ ᠳᠤᠭᠤᠯᠬᠤ ᠳᠤ ᠵᠢᠷᠭᠠᠯ ᠰᠠᠨ

ᠦᠪᠡᠷ ᠢ ᠴᠢᠨᠢ ᠢᠷᠡᠴᠢᠭᠡᠯ᠎ᠡ ᠭᠡᠵᠤ ᠢᠳᠡᠭᠡᠨ

ᠡ᠊ᠨᠳᠡᠭᠦᠷᠡᠵᠤ ᠪᠣᠳᠤᠬᠤ ᠳᠤ ᠵᠤᠪᠠᠯᠠᠩ ᠰᠠᠨ

ᠰᠦᠨᠠᠰᠤ ᠰᠢᠨᠠᠯᠳᠠᠯ᠎ᠠ ᠰᠠᠨᠠᠬᠤ ᠳ᠋ᠤ

ᠰᠦᠨᠢ ᠶᠢᠨ ᠥᠩᠭᠡ ᠨᠢᠮᠭᠡᠷᠡᠳᠡᠭ᠌ ᠴᠤ ᠪᠢᠯᠢᠤ ᠳ᠋ᠡ

ᠰᠦᠰᠦ ᠡᠮᠳᠡᠷᠡᠳᠡᠯ᠎ᠡ ᠳᠤᠷᠠᠰᠬᠤ ᠳ᠋ᠤ

ᠨᠠᠮᠤᠷ ᠤᠨ ᠠᠮᠳᠠ ᠭᠠᠰᠢᠭᠤᠷᠠᠬᠤ ᠴᠤ ᠪᠢᠯᠢᠤ ᠳ᠋ᠡ

ᠮᠦᠷᠦᠭᠡᠳᠦᠯ ᠭᠡᠵᠢ ᠰᠤᠳᠤᠨ ᠶᠤᠮ

ᠠᠶ᠎ᠠ ᠲᠦᠮᠡᠨ ᠳᠠᠭᠤᠤ ᠵᠢᠨ

ᠡᠭᠡᠰᠢᠭ᠌ ᠪᠦᠳᠤᠨ ᠨᠤᠭᠤᠯᠤᠭ᠎ᠠ

ᠠᠩᠭᠢᠯᠤᠮ᠎ᠠ ᠪᠣᠮᠠᠨ ᠴᠡᠴᠡᠭᠡᠰ ᠤᠨ

ᠡᠷᠡᠭᠦᠯ ᠭᠤᠸ᠎ᠠ ᠵᠢᠰᠤᠨ ᠊᠊᠊᠊᠊᠊᠊᠊᠊᠊᠊᠊᠊᠊᠊

ᠮᠦᠷᠦᠭᠡᠳᠦᠯ ᠭᠡᠵᠢ ᠣᠶᠠᠨ

ᠮᠥᠩᠭᠡ ᠶᠢᠨ ᠵᠥᠭᠡᠯᠡᠨ ᠣᠰᠤᠨ


ᠵᠤᠬᠢᠶᠠᠭᠴᠢ ᠶᠢᠨ ᠬᠠᠶ‍ᠢᠭ᠄ ᠦᠪᠣᠷ ᠮᠤᠩᠭ᠋ᠤᠯ ᠤᠨ ᠨᠡᠢ᠌ᠭᠡᠮ ᠤᠨ ᠰᠢᠡᠵᠢᠯᠡᠭᠦ ᠣᠬᠠᠭᠠᠨ ᠤ ᠭᠦᠷᠢᠶᠡᠯᠡᠩ ᠤᠨ ᠣᠤᠠᠬ᠎ᠠ ᠵᠤᠬᠢᠶᠠᠯ ᠰᠤᠳᠤᠯᠬᠤ ᠭᠠᠵᠠᠷ

ᠵᠤᠬᠢᠶᠠᠭᠴᠢ᠄ ᠨᠠ᠊·ᠭᠡᠭᠡᠡᠰᠡᠷᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 05 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ