ᠨᠡᠪᠲᠡᠷᠡᠨ ᠤᠷᠤᠬᠤ
ᠰᠥᠷᠭᠡᠤ ᠣᠷᠤᠰᠬᠠᠯ ᠭᠡᠮᠡᠭᠦ ᠰᠢᠯᠦᠭ᠌

ᠡᠳᠦᠷ ᠬᠤᠨᠤᠭ ᠡᠭᠢᠯᠡᠭᠡᠳ ᠰᠦᠨᠢ ᠦᠭᠡᠶ ᠪᠠᠢ᠌ᠪᠠ

ᠦᠷ᠎ᠡ ᠨᠢ ᠭᠦᠭᠦ ᠡᠴᠡ ᠨᠢ ᠵᠠᠭᠤᠷᠠᠭᠠᠤᠨ ᠰᠠᠯᠬᠤ ᠦᠭᠡᠶ ᠪᠣᠯᠬᠤᠯᠠᠷ

ᠡᠩᠭᠡᠷ ᠶᠢᠡᠨ ᠬᠤᠮᠢᠵᠤ ᠬᠠᠷᠠᠩᠭ᠋ᠤᠢ ᠪᠣᠯᠤᠭᠰᠠᠨ ᠪᠠᠢ᠌ᠯ᠎ᠠ

ᠣᠯᠠᠷᠢᠯ ᠡᠭᠢᠯᠡᠭᠡᠳ ᠥᠩᠰᠢᠭ᠌ ᠥᠭ᠍‍ᠭᠢᠶᠡᠮᠦᠷ ᠨᠠᠮᠤᠷ ᠶᠢᠡᠷ ᠶᠢᠡᠨ ᠪᠠᠢ᠌ᠪᠠ

ᠴᠠᠳᠬᠤᠯᠠᠩ ᠳᠤ ᠪᠠᠨ ᠮᠠᠩᠰᠢᠭᠤᠷᠠᠨ ᠰᠡᠳᠭᠢᠯ ᠬᠠᠨᠤᠭᠠᠤᠨ ᠪᠠᠢ᠌ᠬᠤᠯᠠᠷ

ᠴᠠᠭᠠᠰᠢ ᠪᠠᠨ ᠪᠠᠰᠠ ᠡᠪᠦᠯ ᠬᠠᠪᠣᠷ ᠭᠡᠵᠤ ᠣᠯᠠᠷᠢᠬᠤ ᠪᠣᠯᠤᠭᠰᠠᠨ ᠪᠠᠢ᠌ᠯ᠎ᠠ

ᠠᠭᠤᠯᠠ ᠡᠭᠢᠯᠡᠭᠡᠳ ᠠᠪᠴᠢᠵᠤ ᠰᠤᠠᠳᠠᠭ ᠪᠠᠢ᠌ᠪᠠ

ᠣᠷᠭᠢᠯ ᠳᠤ ᠨᠢ ᠭᠠᠷᠤᠭᠠᠤᠨ ᠣᠭ ᠶᠢᠡᠨ ᠮᠠᠷᠳᠠᠴᠢᠬᠠᠬᠤᠯᠠᠷ

ᠠᠭᠢᠭᠠᠤᠨ ᠠᠪᠴᠢᠬᠤ ᠪᠠᠨ ᠪᠣᠯᠢᠭᠰᠠᠨ ᠪᠠᠢ᠌ᠯ᠎ᠠ

ᠠᠯᠳᠠ ᠡᠭᠢᠯᠡᠭᠡᠳ ᠠᠷᠭᠠᠯ ᠬᠤᠷᠭᠤᠯ ᠰᠢᠭ ᠣᠯᠠᠨ ᠪᠠᠢ᠌ᠪᠠ

ᠠᠷᠭᠠᠯ ᠳᠡᠭᠦᠭᠦ ᠡᠴᠡ ᠪᠢᠰᠢ ᠠᠯᠳᠠ ᠳᠡᠭᠦᠭᠦ ᠦᠭᠡᠶ ᠪᠣᠯᠬᠤᠯᠠᠷ

ᠠᠳᠠᠭ᠎ᠠ ᠶᠢ ᠨᠢ ᠭᠦᠷᠭᠡᠭᠦ ᠭᠡᠵᠤ ᠬᠤᠪᠣᠷᠳᠠᠭᠰᠠᠨ ᠪᠠᠢ᠌ᠯ᠎ᠠ

ᠭᠦᠮᠤᠨ ᠡᠭᠢᠯᠡᠭᠡᠳ ᠭᠦᠳᠡᠷ ᠵᠠᠭᠠᠷ ᠤᠨ ᠦᠨᠦᠷ ᠲᠡᠶ ᠪᠠᠢ᠌ᠪᠠ

ᠭᠦᠳᠡᠯᠮᠦᠷᠢᠯᠡᠭᠦ ᠴᠤ ᠦᠭᠡᠶ ᠠᠩᠭ᠋ᠠᠢ᠌ᠵᠤ ᠢᠳᠡᠭᠡᠳ ᠪᠠᠢ᠌ᠬᠤᠯᠠᠷ

ᠭᠦᠯᠦᠰᠤᠨ ᠦᠨᠦᠷ ᠲᠡᠶ ᠪᠣᠯᠤᠭᠰᠠᠨ ᠪᠠᠢ᠌ᠯ᠎ᠠ

ᠠᠮᠢᠳᠠᠨ ᠡᠭᠢᠯᠡᠭᠡᠳ ᠢᠴᠡᠭᠡᠯᠡᠳᠡᠭ᠌ ᠦᠭᠡᠶ ᠪᠠᠢ᠌ᠪᠠ

ᠡᠷ᠎ᠡ ᠡᠮ᠎ᠡ ᠶᠢᠨ ᠣᠢ᠌ᠯᠠ ᠳᠤ ᠭᠦᠮᠦᠰ ᠭᠦᠭ᠌ ᠴᠠᠭ ᠦᠭᠡᠶ ᠪᠠᠢ᠌ᠬᠤᠯᠠᠷ

ᠢᠴᠢᠭᠡᠳ ᠭᠠᠵᠠᠷ ᠳᠤᠤᠷ᠎ᠠ ᠣᠷᠤᠭᠰᠠᠨ ᠪᠠᠢ᠌ᠯ᠎ᠠ

ᠥᠩᠭᠡᠷᠡᠭ᠍ᠰᠡᠨ ᠶᠢᠡᠨ ᠭᠦᠮᠦᠰ ᠴᠡᠭᠡᠵᠢᠯᠡᠳᠡᠭ᠌ ᠦᠭᠡᠶ ᠪᠠᠢ᠌ᠪᠠ

ᠦᠨᠡᠨ ᠬᠤᠳᠠᠯ ᠢ ᠬᠤᠤᠠᠬᠤᠨ ᠮᠡᠳᠡᠮᠡᠭᠡᠢ᠌ᠷᠡᠭᠡᠳ ᠪᠠᠢ᠌ᠬᠤᠯᠠᠷ

ᠣᠬᠠᠭᠠᠨ ᠣᠷᠤᠭᠤᠯᠬᠤ ᠭᠡᠵᠤ ᠳᠡᠦᠭᠡ ᠪᠣᠢ ᠪᠣᠯᠤᠭᠰᠠᠨ ᠪᠠᠢ᠌ᠯ᠎ᠠ

ᠵᠤᠬᠢᠶᠠᠭᠴᠢ᠄ ᠬᠠᠷᠭᠤᠢ
ᠬᠠᠷᠢᠶ᠎ᠠ᠄ ᠰᠢᠯᠦᠭ
ᠳᠠᠷᠤᠮ᠄ 2672
ᠴᠠᠭ᠄ 2009 ᠤᠨ ᠤ 08 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ