☆ ᠬᠠᠨ ᠵᠢᠷᠤᠮᠳᠤ
ᠮᠢᠨᠤ ᠡᠭᠡ ᠤᠷᠤᠨ
ᠠᠷᠪᠠᠨ ᠭᠤᠷᠪᠠᠳᠤᠭᠠᠷ ᠵᠠᠭᠤᠨ ᠤ ᠱᠠᠰᠳᠢᠷ ᠳᠤ
ᠠᠭᠤᠤ ᠪᠣᠭᠳᠠ ᠮᠢᠨᠢ ᠬᠤᠷᠴᠠ ᠰᠠᠯᠠᠮ᠎ᠠ ᠪᠠᠷ
ᠠᠽᠢᠶ᠎ᠠ ᠧᠥᠷᠦᠫᠡ ᠶᠢ ᠨᠠᠪᠳᠠ ᠰᠤᠠᠳᠠᠯᠠᠨ
ᠠᠭᠳᠠ ᠶᠢᠨ ᠳᠤᠭᠤᠷᠠᠢ ᠪᠠᠷ ᠳᠡᠦᠭᠡ ᠰᠤᠳᠤᠷᠯᠠᠨ᠂
ᠠᠯᠳᠠᠷ ᠴᠤᠯᠠ ᠶᠢ ᠳᠠᠶᠠᠩ ᠳᠤ ᠴᠠᠪᠴᠢᠨ
ᠠᠷᠢᠭᠤᠨ ᠬᠠᠭᠤᠳᠠᠰᠤ ᠶᠢ ᠡᠭᠢᠯᠡᠭᠦᠯᠦᠭ᠍ᠰᠡᠨ ᠪᠢᠯᠠ
ᠠᠷᠤ ᠥᠪᠦᠷ ᠶᠠᠰᠤᠳᠠᠨ ᠤ ᠵᠢᠪᠬᠤᠭ᠎ᠠ ᠵᠢ
ᠠᠯᠳᠠᠨ ᠳᠡᠯᠡᠭᠡᠢ ᠳᠤ ᠳᠤᠩᠬᠠᠭᠯᠠᠭᠰᠠᠨ ᠪᠢᠯᠠ᠃
ᠡᠵᠢ ᠶᠢᠨ ᠡᠷᠳᠡᠨᠢᠳᠤ ᠭᠡᠪᠠᠯᠢ ᠡᠴᠡ ᠪᠢ
ᠡᠨᠡ ᠬᠤᠷᠸ᠎ᠠ ᠳᠤ ᠢᠰᠭᠢᠴᠢᠨ ᠵᠠᠶᠠᠭᠠᠬᠤ ᠳ᠋ᠤ
ᠡᠯᠡᠰᠤᠨ ᠬᠠᠯᠠᠭᠤᠨ ᠡᠯᠢᠭᠡ ᠪᠠᠷ ᠵᠢᠠᠨ
ᠡᠷᠪᠠᠢ ᠴᠤᠭᠴᠠᠰ ᠢ ᠥᠨᠦᠰᠤᠨ ᠳᠠᠭᠠᠯᠠᠭᠰᠠᠨ᠂
ᠡᠭᠡ ᠤᠷᠤᠨ ᠴᠢ ᠮᠢᠨᠢ ᠪᠣᠯ
ᠡᠡᠭ᠌ ᠶᠢᠷᠳᠢᠠᠴᠤ ᠶᠢᠨ ᠳ᠋ᠠᠷ᠎ᠠ ᠡᠭᠡ ᠪᠢᠯᠠ
ᠡᠰᠨᠢᠨ ᠶᠠᠪᠣᠬᠤ ᠮᠠᠷᠭᠠᠰᠢ ᠵᠢᠨ
ᠡᠭᠡᠨᠡᠭ᠍ᠳᠡ ᠰᠢᠳᠦᠭᠦ ᠮᠥᠩᠭᠡ ᠡᠵᠡᠰ ᠪᠢᠯᠠ᠃
ᠢᠷᠭᠤᠢ ᠶᠢᠨ ᠮᠦᠰᠢᠶᠠᠳᠤ ᠲᠡᠶ ᠭᠦᠯᠤᠨ ᠡᠴᠡ
ᠢᠩᠭᠡ ᠶᠢᠨ ᠪᠣᠢ᠌ᠯᠠᠭ᠎ᠠ ᠲᠡᠶ ᠠᠯᠠᠱᠠ ᠭᠦᠷᠳᠡᠯ᠎ᠡ
ᠢᠯᠠᠯᠳᠠ ᠶᠢᠨ ᠡᠭᠡᠰᠢᠭ᠌ ᠲᠤ ᠭᠦᠪᠰᠡᠷᠴᠤ ᠶᠠᠪᠣᠭᠰᠠᠨ
ᠢᠯᠠᠭᠳᠠᠯ ᠤᠨ ᠬᠠᠯᠠ ᠳᠤ ᠰᠡᠭᠡᠭᠡᠷᠡᠭᠦ ᠤᠭᠰᠠᠭᠠᠲᠠᠨ᠂
ᠢᠷᠡᠭ᠍ᠰᠡᠨ ᠳᠡᠦᠭᠡ ᠶᠢᠨ ᠮᠥᠩᠭᠦᠨ ᠬᠤᠠᠳᠠᠭ᠎ᠠ ᠡᠴᠡ
ᠢᠯᠭᠤᠭᠰᠠᠨ ᠴᠤᠤᠷᠢᠶ᠎ᠠ ᠳᠡᠭ᠍ᠳᠡᠭᠡᠭᠦ ᠪᠠᠨ ᠪᠣᠯᠢᠪᠠ
ᠢᠷᠡᠭᠦ ᠠᠶᠠᠨ ᠤ ᠪᠠᠷᠳᠠᠭ᠎ᠠ ᠶᠢ ᠳᠤᠭᠤᠯᠬᠤ ᠪᠠᠷ
ᠢᠳᠡᠭᠡᠯ ᠤᠨ ᠳᠠᠭᠢᠨᠢ ᠳᠤ ᠳᠠᠭᠠᠳᠬᠠᠬᠤ ᠪᠣᠯᠪᠠ᠃
ᠤᠷᠤᠭ᠎ᠠ ᠪᠣᠰᠤᠭ᠎ᠠ ᠡᠳ ᠰᠠᠷ᠎ᠠ ᠳ᠋ᠤ
ᠡᠦᠦᠷ ᠥᠩᠭᠡ ᠴᠢᠨᠢ ᠬᠤᠪᠢᠷᠠᠭ᠎ᠠ ᠥᠭᠡᠢ ᠡᠭᠡ ᠤᠷᠤᠨ
ᠤᠷᠴᠢᠯᠡᠩ ᠤᠨ ᠥᠭ᠍ᠰᠡᠯ ᠤᠭᠤᠷᠤᠳᠤᠯ ᠳ᠋ᠤ
ᠤᠷᠠᠨ ᠪᠠᠢ᠌ᠭᠠᠯᠢ ᠴᠢᠨᠢ ᠰᠠᠪᠳᠠᠭᠡ ᠥᠭᠡᠢ ᠡᠭᠡ ᠤᠷᠤᠨ᠂
ᠤᠩᠭ᠋ᠤᠨ ᠨᠠᠷᠠᠨ ᠤ ᠳᠡᠭᠡᠵᠢ ᠳᠤᠶᠠᠭ᠎ᠠ
ᠤᠨᠴᠡᠯᠡᠨ ᠴᠢᠮ᠎ᠠ ᠳᠤ ᠢᠪᠠᠭᠡᠭ᠍ᠰᠡᠭᠡᠷ ᠡᠭᠡ ᠤᠷᠤᠨ
ᠤᠷᠦᠰᠢᠬᠤ ᠲᠦᠮᠡᠨ ᠤ ᠥᠷᠦᠴᠡ ᠴᠡᠭᠡᠵᠢᠨ ᠳ᠋ᠤ
ᠤᠴᠢᠯᠡᠬᠤ ᠰᠤᠷ ᠳᠤᠯᠠᠯᠵᠠᠭᠰᠠᠭᠠᠷ ᠡᠭᠡ ᠤᠷᠤᠨ᠃
ᠤᠷᠡᠨ ᠴᠤᠭᠢᠯᠭ᠎ᠠ ᠲᠡᠶ ᠤᠷᠢᠳᠤ ᠶᠢᠨ ᠳᠠᠭᠤᠤ ᠶᠢ ᠴᠢᠨᠢ
ᠤᠶᠤᠨ ᠪᠢᠯᠢᠭ᠌ ᠢ ᠭᠡᠭᠡᠷᠡᠭᠦᠯᠭᠦ ᠡᠯᠴᠢ ᠭᠡᠵᠤ ᠪᠣᠳᠤᠳᠤᠭ
ᠤᠳᠬ᠎ᠠ ᠶᠤᠭᠳᠤ ᠲᠡᠶ ᠤᠶᠠᠩᠭ᠋᠎ᠠ ᠰᠢᠯᠦᠭ᠌ ᠢ ᠴᠢᠨᠢ
ᠤᠬᠠᠭᠠᠨ ᠰᠠᠨᠠᠭᠠᠨ ᠤ ᠰᠢᠳᠢᠳᠤ ᠳᠠᠷᠨᠢ ᠭᠡᠵᠤ ᠪᠣᠳᠤᠳᠤᠭ᠂
ᠤᠷᠦᠰᠤᠨ ᠮᠡᠯᠮᠡᠯᠵᠡᠭᠦ ᠳᠤᠩᠭ᠋ᠠᠯᠠᠭ ᠮᠦᠷᠠᠨ ᠢ ᠴᠢᠨᠢ
ᠤᠷᠭᠤᠭᠰᠠᠨ ᠪᠠᠶ᠎ᠠ ᠶᠢᠨ ᠮᠢᠨᠢ ᠰᠤᠳᠠᠰᠤ ᠭᠡᠵᠤ ᠪᠣᠳᠤᠳᠤᠭ
ᠤᠨᠳᠦᠷᠡᠰᠢ ᠥᠭᠡᠢ ᠠᠭᠤᠷᠬᠠᠢ ᠪᠣᠯᠠᠭᠳᠠᠴᠠ ᠶᠢ ᠴᠢᠨᠢ
ᠤᠳᠦᠮ ᠰᠠᠢ᠌ᠵᠢᠷᠠᠬᠤ ᠪᠠᠶᠠᠨ ᠰᠠᠩ ᠭᠡᠵᠤ ᠪᠣᠳᠤᠳᠤᠭ᠃
ᠥᠭᠡᠳᠡᠯᠡᠭᠦ ᠡᠷᠡᠨ ᠲᠡᠶ ᠵᠡᠷᠭᠡᠴᠡᠪᠠᠷ ᠳᠠᠪᠰᠢᠭ᠎ᠠ
ᠥᠭᠡᠭᠦᠨ ᠳᠠᠷᠭᠤ ᠲᠡᠶ ᠡᠭᠡ ᠤᠷᠤᠨ ᠳ᠋ᠠᠭᠠᠨ
ᠥᠭᠡ ᠪᠠᠷ ᠯᠠ ᠪᠢᠰᠢ ᠤᠯᠠᠭᠠᠨ ᠵᠢᠷᠦᠭᠡ ᠡᠴᠡ ᠪᠠᠨ
ᠥᠷᠨᠢᠨ ᠭᠦᠭ᠍ᠵᠢᠭᠦ ᠶᠢᠨ ᠵᠦᠩᠨᠠᠯ ᠶᠢᠡᠨ ᠡᠷᠭᠦᠨᠡᠮ᠂
ᠥᠪ ᠵᠤᠵᠠᠭᠠᠨ ᠪᠠᠢ᠌ᠭᠠᠯᠢ ᠶᠢᠨ ᠴᠢᠨᠢ ᠡᠵᠡᠳ ᠰᠠᠭᠢᠭᠤᠰᠤ
ᠥᠷᠦᠪᠴᠢ ᠰᠡᠳᠭᠢᠯ ᠶᠢᠡᠷ ᠢᠪᠠᠭᠡᠭᠦ ᠪᠣᠯᠤᠭᠠᠰᠠᠢ ᠳ᠋ᠠ
ᠥᠷᠦᠨ᠎ᠡ ᠳᠤᠷᠤᠨ᠎ᠠ ᠶᠢᠨ ᠳᠡᠭ᠍ᠵᠢᠷᠡᠯ ᠤᠨ ᠳᠠᠪᠴᠠᠩ ᠳ᠋ᠤ
ᠥᠷᠯᠦᠭ᠌ ᠠᠯᠳᠠᠷ ᠴᠢᠨᠢ ᠮᠠᠠᠳᠤᠬᠤ ᠪᠣᠯᠤᠭᠠᠰᠠᠢ ᠳ᠋ᠠ︕
2009-5-2 ᠲᠦᠩᠯᠢᠶᠤᠤ ᠬᠤᠳᠠᠨ᠎ᠠ
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 4390
ᠴᠠᠭ᠄ 2009 ᠤᠨ ᠤ 05 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ