☆ ᠨᠠᠷᠠᠠᠮᠠᠠᠳᠤᠬᠤ
ᠪᠦᠰᠡᠭᠦᠢ ᠭᠦᠮᠤᠨ ᠤ ᠰᠡᠳᠭᠢᠯ ᠵᠥᠭᠡᠯᠡᠨ ᠪᠠᠢ᠌ᠳᠠᠭ ᠶᠤᠮ
ᠪᠦᠵᠢᠭ᠌᠂ ᠳᠠᠭᠤᠤ ᠰᠢᠭ ᠳᠤᠯᠤᠭᠠᠨ ᠥᠩᠭᠡ ᠪᠠᠷ ᠰᠤᠯᠤᠩᠭ᠋ᠠᠷᠠᠭᠰᠠᠨ
ᠠᠮᠢᠳᠤᠷᠠᠯ ᠤᠨ ᠠᠢ᠌ᠵᠢᠮ ᠠᠶᠠᠰ ᠲᠤ
ᠪᠣᠷᠭᠠᠰᠤ ᠰᠢᠤᠬᠠᠨ ᠨᠠᠢ᠌ᠭᠤᠵᠤ
ᠪᠣᠷᠤᠭᠠᠨ ᠰᠢᠤᠬᠠᠨ ᠵᠦᠰᠠᠷᠠᠵᠤ
ᠪᠦᠯᠢ᠂ ᠪᠦᠮᠪᠦᠷᠴᠡᠭ᠌ ᠤᠨ ᠥᠩᠭᠡ ᠪᠣᠯᠵᠤ ᠴᠢᠳᠠᠳᠠᠭ ᠲᠤ ᠪᠠᠨ
ᠪᠦᠰᠡᠭᠦᠢ ᠭᠦᠮᠤᠨ ᠤ ᠰᠡᠳᠭᠢᠯ ᠵᠥᠭᠡᠯᠡᠨ ᠪᠠᠢ᠌ᠳᠠᠭ ᠶᠤᠮ
ᠪᠦᠰᠡ ᠪᠠᠨ ᠳᠠᠢ᠌ᠯᠵᠤ ᠪᠦᠮᠪᠦᠷᠴᠡᠭ᠌ ᠳᠠᠪᠠᠷᠢᠵᠤ ᠢᠷᠡᠭᠦ ᠳᠤ ᠪᠠᠨ
ᠪᠦᠪᠠᠢ ᠶᠢᠨ ᠳᠠᠭᠤᠤ ᠶᠢ ᠨᠠᠮᠤᠭᠤᠬᠠᠨ ᠡᠴᠡ ᠨᠠᠮᠤᠭᠤᠬᠠᠨ ᠠᠶᠠᠯᠤᠵᠤ
ᠡᠵᠢ ᠰᠠᠭᠤᠬᠤ ᠬᠤᠷᠸ᠎ᠠ ᠶᠢᠨ ᠵᠢᠷᠭᠠᠯ ᠢ ᠡᠳ᠋ᠯᠡᠭᠦ ᠳᠤ ᠪᠠᠨ
ᠪᠦᠰᠡᠭᠦᠢ ᠭᠦᠮᠤᠨ ᠤ ᠰᠡᠳᠭᠢᠯ ᠬᠠᠪᠣᠷ ᠤᠨ ᠴᠠᠰᠤ ᠰᠢᠭ ᠣᠶᠠᠷᠠᠳᠠᠭ ᠶᠤᠮ
ᠢᠨᠠᠭ ᠤᠨ ᠠᠶᠠᠰ ᠲᠡᠶ ᠷᠤᠮᠠᠠᠲ᠋ᠢᠭ ᠳᠠᠭᠤᠨ ᠤ
ᠨᠤᠲ᠋ ᠨᠢ ᠪᠣᠯᠵᠤ ᠣᠶᠠᠩᠭ᠋ᠠᠷᠠᠬᠤ ᠳᠤ ᠪᠠᠨ
ᠪᠦᠰᠡᠭᠦᠢ ᠭᠦᠮᠤᠨ ᠤ ᠰᠡᠳᠭᠢᠯ
ᠬᠠᠢ᠌ᠯ ᠤᠨ ᠣᠰᠤ ᠰᠢᠭ ᠣᠷᠤᠰᠴᠤ
ᠬᠠᠢ᠌ᠷ᠎ᠠ ᠶᠢᠨ ᠭᠦᠭ᠍ᠵᠢᠮ ᠪᠣᠯᠵᠤ ᠰᠤᠨᠤᠰᠳᠠᠳᠠᠭ ᠶᠤᠮ
ᠠᠮᠢᠳᠤᠷᠠᠯ᠂ ᠬᠠᠢ᠌ᠷ᠎ᠠ ᠠᠯᠢᠪᠠ ᠪᠠᠨ
ᠬᠤᠶᠠᠷ ᠮᠦᠷᠤᠨ ᠳᠤ ᠪᠠᠨ ᠠᠪᠴᠤ
ᠠᠶᠠᠨ ᠳᠤ ᠵᠦᠳᠠᠷᠠᠵᠤ ᠶᠠᠪᠣᠬᠤ ᠳᠤ ᠪᠠᠨ
ᠳᠡᠭ᠍ᠷᠢ ᠴᠤᠭᠤᠴᠢᠮᠠ ᠬᠤᠯᠠ ᠶᠢᠨ ᠣᠬᠠᠭᠠᠨ ᠲᠡᠶ ᠳᠤ ᠪᠠᠨ
ᠪᠦᠰᠡᠭᠦᠢ ᠭᠦᠮᠤᠨ ᠤ ᠰᠡᠳᠭᠢᠯ
ᠠᠮᠢᠳᠤᠷᠠᠯ᠂ ᠦᠨᠡᠨ ᠬᠤᠶᠠᠷ ᠲᠤ ᠵᠤᠷᠢᠭᠵᠢᠳᠠᠭ ᠶᠤᠮ
ᠪᠦᠰᠡᠭᠦᠢ ᠭᠦᠮᠤᠨ ᠤ ᠰᠡᠳᠭᠢᠯ ᠵᠥᠭᠡᠯᠡᠨ ᠪᠠᠢ᠌ᠳᠠᠭ ᠤᠨ ᠣᠴᠢᠷ
ᠪᠦᠮᠪᠦᠷᠴᠡᠭ᠌ ᠳᠤᠯᠭᠢᠯᠠᠬᠤ ᠬᠠᠢ᠌ᠷ᠎ᠠ ᠳᠠᠠᠳᠠ ᠡᠴᠡ ᠣᠷᠭᠤᠳᠠᠭ ᠶᠤᠮ
ᠪᠦᠰᠡᠭᠦᠢ ᠭᠦᠮᠤᠨ ᠤ ᠰᠡᠳᠭᠢᠯ ᠣᠶᠠᠬᠠᠨ ᠪᠠᠢ᠌ᠳᠠᠭ ᠤᠨ ᠣᠴᠢᠷ
ᠪᠦᠪᠠᠢ ᠶᠢᠨ ᠳᠠᠭᠤᠤ ᠲᠡᠶ ᠳᠡᠯᠡᠭᠡᠢ ᠳᠠᠩᠳᠠ ᠣᠶᠠᠰᠳᠠᠭ ᠶᠤᠮ ᠁
ᠵᠤᠭᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠣᠳᠤᠭ ᠤᠨ ᠡᠮᠦᠨᠡᠳᠤ ᠬᠤᠰᠢᠭᠤᠨ ᠤ ᠦᠨᠳᠦᠰᠦᠳᠠᠨ ᠤ ᠭᠡᠷᠡᠭ᠌ ᠡᠷᠭᠢᠯᠡᠭᠦ ᠳᠤᠪᠴᠢᠶ᠎ᠠ
ᠵᠤᠬᠢᠶᠠᠭᠴᠢ᠄ ᠨᠠᠷᠠᠠᠮᠠᠠᠳᠤᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2010 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ