☆ ᠡᠨᠭᠭᠡᠵᠢᠨ
ᠭᠡᠷ ᠢᠶ᠋ᠡᠨ ᠵᠣᠷᠢᠨ᠎ᠠ
ᠦᠦᠷ ᠵᠦᠰᠦᠭᠰᠡᠨ ᠮᠠᠰᠢᠨ ᠤ ᠴᠣᠩᠬᠣ ᠪᠠᠷ
ᠥᠷᠥᠮ᠎ᠡ ᠰᠠᠭᠤᠭᠰᠠᠨ ᠤᠷᠢᠳᠤ ᠶ᠋ᠢᠨ ᠨᠣᠮᠢᠨ ᠲᠠᠯ᠎ᠠ
ᠬᠦᠪᠰᠦᠢᠵᠤ ᠬᠠᠷᠠᠭᠳᠠᠨ᠎ᠠ ᠃
ᠵᠠᠳᠠᠭᠠᠢ ᠰᠤᠮᠤ ᠬᠡᠮᠡᠷ
ᠲᠠᠯ᠎ᠠ ᠪᠠᠷ ᠠᠢᠯ ᠡ᠊ᠠᠳᠠ ᠲᠡᠨᠳᠡ
ᠤᠲᠤᠭ᠎ᠠ ᠨᠢ ᠴᠠᠷᠴᠠᠭᠰᠠᠨ
ᠠᠭᠤᠯᠠᠨ ᠤ ᠠᠢᠯ ᠭᠠᠭᠴᠠᠭᠠᠷ
ᠪᠡᠭᠡᠷᠡᠭᠰᠡᠨ ᠰᠦᠷᠦᠭ ᠰᠢᠪᠠᠭᠤ
ᠳᠠᠷᠬᠢᠲᠠᠯᠠ ᠦᠷᠭᠦᠨ ᠪᠣᠰᠤᠨ᠎ᠠ
ᠪᠠᠭᠤᠨ᠎ᠠ
ᠪᠢ
ᠲᠠᠯ᠎ᠠ ᠶ᠋ᠢᠨ ᠭᠦᠨ ᠳ᠋ᠡᠬᠢ
ᠭᠡᠷ ᠢᠶ᠋ᠡᠨ ᠵᠣᠷᠢᠨ᠎ᠠ ᠃
ᠵᠤᠬᠢᠶᠠᠭᠴᠢ᠄ ᠡᠨᠭᠭᠡᠵᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 34972
ᠴᠠᠭ᠄ 2020 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ