ᠨᠡᠪᠲᠡᠷᠡᠨ ᠤᠷᠤᠬᠤ
ᠰᠠᠳᠤᠪ ᠥᠭᠡᠢ

ᠬᠤᠯᠠ ᠶᠢᠨ ᠪᠤᠷᠬᠠᠨ ᠢᠪᠠᠭᠡᠵᠤ ᠡᠡᠮᠵᠢᠭᠡᠳᠦᠢ ᠵᠣᠢ᠌ᠯ ᠳ᠋ᠤ

ᠬᠠᠶᠠᠭᠠᠨ ᠤ ᠴᠢᠳᠭᠦᠷ ᠬᠡᠮᠵᠢᠵᠤ ᠳᠦᠩᠭᠡᠳᠡᠭ᠌ ᠤᠴᠢᠷ ᠪᠣᠢ᠃

ᠬᠤᠮᠠᠭᠢ ᠲᠡᠶ ᠷᠠᠰᠢᠶᠠᠨ ᠢ ᠭᠡᠨ ᠨᠢ ᠣᠯᠵᠤ ᠭᠦᠷᠳᠡᠯ᠎ᠡ ᠭᠡᠵᠤ

ᠬᠤᠷᠸ᠎ᠠ ᠶᠢᠨ ᠠᠮᠢᠳᠤᠷᠠᠯ ᠳᠤ ᠮᠥᠩᠭᠡᠷᠡᠭᠦ ᠶᠤᠮ ᠰᠢᠭ᠌ ᠰᠦᠷᠭᠡᠢ᠌ᠯᠡᠭᠦ ᠪᠣᠢ ︖


ᠨᠠᠷᠠ ᠨᠠᠮᠢ᠋ᠢ᠌ ᠲ᠋ᠤᠭᠤᠷᠢᠳᠠᠭ ᠭᠡᠮᠡᠨ ᠰᠠᠳᠭᠢᠵᠤ ᠶᠠᠪᠣᠭᠰᠠᠭᠠᠷ

ᠨᠠᠰᠤᠨ ᠤ ᠨᠠᠮᠤᠷ ᠡᠭᠦᠳᠡᠨ ᠳᠤ ᠪᠠᠭᠤᠵᠤ ᠳ᠋ᠤ

ᠨᠠᠷᠭᠢᠶ᠎ᠠ ᠵᠠᠩ ᠶᠢᠡᠷ ᠰᠡᠳᠭᠢᠯ ᠶᠢᠡᠨ ᠬᠠᠭᠤᠷᠠᠭᠰᠠᠭᠠᠷ

ᠨᠠᠮ ᠣᠠᠳᠠᠬᠤ ᠳᠠᠷᠠ ᠨᠢᠭᠡ ᠴᠠᠭ ᠢᠷᠡᠭᠦ ᠳᠤ᠁


ᠮᠠᠷᠳᠠᠬᠤ ᠨᠢᠭᠡ ᠨᠢ ᠮᠠᠯ ᠣᠰᠤᠯᠠᠬᠤ ᠬᠤᠷᠤᠮ ᠵᠠᠢ ᠭᠡᠷᠡᠭ᠍ᠰᠡᠵᠤ

ᠮᠠᠳᠠᠯᠠᠬᠤ ᠨᠥᠭᠦᠭᠡ ᠨᠢ ᠥᠯᠡᠳᠡᠭ᠍ᠰᠡᠨ ᠨᠠᠰᠤ ᠪᠠᠨ ᠵᠠᠷᠤᠴᠠᠭᠤᠯᠤᠨ᠎ᠠ

ᠭᠦᠮᠤᠨ᠂ ᠭᠦᠮᠤᠨ ᠤ ᠰᠠᠨᠠᠭᠠᠨ ᠳᠤ ᠭᠦᠷᠭᠡᠨ᠎ᠡ ᠭᠡᠳᠡᠭ᠌

ᠭᠦᠯ ᠲᠡᠶ᠂ ᠵᠢᠭᠦᠷ ᠲᠡᠶ ᠬᠤᠶᠠᠷ ᠬᠠᠨᠢᠯᠠᠭᠰᠠᠨ ᠲᠡᠶ ᠠᠳᠠᠯᠢᠬᠠᠨ


ᠭᠡᠯᠡ ᠠᠮᠠ ᠳᠠᠳᠠᠭᠠᠤᠨ ᠶᠠᠮᠠᠷ ᠰᠠᠢ᠌ᠨ ᠪᠠᠢ᠌ᠨ᠎ᠠ

ᠭᠡᠷᠡᠭ᠌ ᠦᠭᠡᠶ᠂ ᠪᠠᠶ᠎ᠠ ᠪᠠᠨ ᠵᠦᠳᠡᠭᠡᠭᠦ ᠨᠢ

ᠭᠡᠯᠡ ᠲᠡᠶ ᠳᠦᠷᠦᠭ᠍ᠰᠡᠨ ᠪᠣᠷᠬᠠᠨ ᠤ ᠰᠠᠨᠠᠭ᠎ᠠ ᠪᠣᠯ

ᠭᠡᠨ ᠲᠡᠶ ᠪᠣᠯᠪᠠᠴᠤ ᠨᠡᠪᠳᠡᠷᠡᠭᠦᠯᠵᠤ  ᠪᠠᠢ᠌ᠬᠤ ᠭᠡᠰᠡᠨ ᠶᠤᠮ᠃

ᠣᠷᠴᠢᠯᠠᠩ ᠣᠤᠯ ᠡᠴᠡ ᠰᠡᠮ ᠰᠠᠮ ᠳᠤᠭᠢᠶ᠎ᠠ ᠳᠠᠢ

ᠣᠩᠭ᠋ᠤᠨ ᠰᠠᠷᠠᠯ ᠶᠢᠡᠷ ᠣᠴᠢᠷ ᠶᠢᠡᠨ ᠣᠯᠳᠠᠭ ᠢᠷᠦᠭᠡᠯ ᠳᠠᠢ

ᠣᠭ ᠵᠦᠢ ᠶᠢ ᠳᠡᠭᠡᠭᠡᠳ ᠭᠡᠨ ᠨᠢᠭᠡ ᠨᠢ ᠵᠦᠷᠢᠴᠠᠪᠠᠯ

ᠣᠨᠢᠶᠠᠷ ᠪᠣᠳᠠᠩ ᠲ᠋ᠠᠢ ᠳᠡᠯᠡᠭᠡᠢ ᠳᠤ ᠠᠭᠤᠯᠭ᠎ᠠ ᠰᠤᠯᠢᠭᠳᠠᠵᠤ ᠪᠣᠳᠢᠯᠠᠳᠠᠭ᠃


ᠪᠣᠰᠤᠳ ᠲ᠋ᠤ ᠭᠡᠷᠡᠭ᠌ ᠦᠭᠡᠶ ᠴᠤ ᠪᠣᠶᠠᠨ ᠳᠠᠭᠠᠨ ᠨᠡᠮᠡᠭᠦᠷᠢ ᠳᠠᠢ

ᠪᠦᠭ᠍ᠰᠡᠨ ᠳᠡᠭᠡᠨ ᠭᠦᠷᠭᠦ ᠦᠭᠡᠶ ᠴᠤ ᠳᠡᠭ᠍ᠷᠢ ᠵᠥᠭ᠌ ᠲᠤ ᠰᠠᠷᠪᠠᠢ᠌ᠳᠠᠭ

ᠭᠠᠷ ᠤᠨ ᠳᠠᠪᠤᠨ ᠬᠤᠷᠤᠭᠤ ᠶᠠᠭᠤ ᠡᠰᠡ ᠪᠠᠷᠢᠨ᠎ᠠ

ᠭᠠᠯ ᠣᠰᠤ ᠬᠤᠶᠠᠷ ᠢ ᠡᠶᠡᠳᠡᠭᠦᠯᠵᠤ ᠪᠠᠢ᠌ᠵᠤ ᠴᠤ ᠮᠠᠳᠠᠨ᠎ᠠ᠃



ᠵᠤᠬᠢᠶᠠᠭᠴᠢ ᠶᠢᠨ ᠬᠠ‍‌ᠶᠢᠭ ᠄ ᠳᠦᠷᠪᠠᠤᠨ ᠬᠤᠰᠢᠭᠤᠨ ᠤ ᠵᠢᠭᠠᠬᠤ ᠶᠢ ᠰᠤᠳᠤᠯᠬᠤ ᠳᠠᠰᠤᠭ

ᠵᠤᠬᠢᠶᠠᠭᠴᠢ᠄ ᠦ᠊·ᠠᠯᠳᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2661
ᠴᠠᠭ᠄ 2012 ᠤᠨ ᠤ 04 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ