ᠨᠡᠪᠲᠡᠷᠡᠨ ᠤᠷᠤᠬᠤ
ᠮᠤᠩᠭ᠋ᠤᠯ ᠭᠡᠷ

᠊᠊᠊᠊᠊᠊᠊᠊᠊᠊᠊᠊᠊᠊᠊ ᠳᠠᠪᠣᠳᠤᠭᠠᠷ ᠣᠳᠠᠭᠠᠨ ᠤ 《ᠮᠥᠩᠭᠡ ᠡᠡᠷᠴᠡ》 ᠰᠢᠯᠦᠭ᠌ ᠤᠨ ᠣᠷᠤᠯᠳᠤᠭᠠᠨ ᠳ᠋ᠤ ᠺᠠᠳ᠋ᠷ ᠣᠶᠤᠳᠠᠤᠨ ᠤᠨ ᠳᠤᠭᠣᠢ᠌ᠯᠠᠩ ᠤᠨ ᠨᠢᠭᠡᠳᠦᠭᠡᠷ ᠳᠠᠰ ᠤᠨ ᠱᠠᠩᠨᠠᠯ ᠭᠦᠷᠳᠡᠭ᠍ᠰᠡᠨ ᠰᠢᠯᠦᠭ᠌


ᠳᠠᠩᠴᠢ ᠬᠤᠯᠠ ᠡᠴᠡ ᠴᠠᠢ᠌ᠯᠵᠠᠬᠤ ᠨᠢ

ᠳᠠᠪᠣᠰᠤᠨ ᠭᠤᠪᠢ ᠶᠢᠨ ᠮᠢᠨᠢ ᠪᠠᠷ᠎ᠠ ᠪᠠᠢ᠌ᠨ᠎ᠠ

ᠳᠠᠯᠠᠨ ᠭᠠᠵᠠᠷ ᠡᠴᠡ ᠥᠡᠳᠡᠯᠵᠡᠭᠦ ᠨᠢ

ᠳᠠᠯᠠᠭᠠᠷ ᠴᠠᠭᠠᠨ ᠥᠷᠦᠭᠡ ᠮᠢᠨᠢ ᠪᠠᠢ᠌ᠨ᠎ᠠ

ᠨᠠᠷᠠ ᠰᠠᠷᠠ ᠶᠢᠨ ᠭᠦᠳᠦᠯ ᠰᠢᠭ᠌

ᠨᠠᠯᠠᠭᠠᠷ ᠴᠠᠭᠠᠨ ᠥᠷᠦᠭᠡ ᠪᠠᠢ᠌ᠨ᠎ᠠ

ᠨᠢ᠋ᠮᠠᠨ ᠳᠠᠭᠢᠯ ᠪᠦᠷᠢᠳᠦᠭ᠍ᠰᠡᠨ

ᠨᠠᠷᠠᠨ ᠤ ᠦᠨᠦᠷᠳᠤ ᠥᠷᠦᠭᠡ ᠪᠠᠢ᠌ᠨ᠎ᠠ

ᠰᠠᠩ ᠰᠠᠪᠰᠠᠷ ᠤᠨ ᠳᠠᠭᠢᠯᠭ᠎ᠠ ᠳᠠᠢ

ᠰᠠᠭᠢᠭᠤᠯᠰᠤ ᠭᠡᠢ᠌ᠮᠦᠷᠳᠤ ᠥᠷᠦᠭᠡ ᠪᠠᠢ᠌ᠨ᠎ᠠ

ᠰᠥ᠋ ᠴᠠᠭᠠᠨ ᠤ ᠳᠡᠭᠡᠵᠢ ᠳᠠᠢ

ᠰᠠᠭᠠᠯᠢᠴᠢᠨ ᠠᠷᠠᠤᠨ ᠤᠨ ᠮᠢᠨᠢ ᠥᠷᠦᠭᠡ ᠪᠠᠢ᠌ᠨ᠎ᠠ

ᠳᠡᠭ᠍ᠷᠢ ᠭᠠᠵᠠᠷ ᠤᠨ ᠰᠠᠨᠠᠭ᠎ᠠ

ᠳᠠᠮᠤᠵᠢᠨ ᠪᠠᠭᠠᠳᠤᠷ ᠤᠨ ᠵᠠᠶᠠᠭ᠎ᠠ

ᠮᠤᠩᠭ᠋ᠤᠯ ᠤᠨ ᠮᠢᠨᠢ ᠥᠯᠦᠭᠡᠢ

ᠮᠠᠭᠤ ᠪᠠᠶ᠎ᠠ ᠶᠢᠨ ᠮᠢᠨᠢ ᠳᠡᠯᠡᠭᠡᠢ

ᠮᠥᠩᠭᠡ ᠭᠠᠯ ᠤᠨ ᠮᠢᠨᠢ ᠲᠦᠯᠦ

ᠮᠥᠩᠭᠡ ᠠᠷᠴᠠᠨ ᠤ ᠮᠢᠨᠢ ᠵᠠᠯᠢ ᠊᠊᠊᠊᠊᠊᠊᠊᠊᠊᠊᠊᠊᠊᠊

ᠮᠤᠩᠭ᠋ᠤᠯ ᠭᠡᠷ ᠵᠢᠠᠨ

ᠮᠤᠩᠭ᠋ᠤᠯ ᠭᠦᠤ ᠨᠢ ᠰᠢᠯᠦᠭᠯᠡᠵᠤ ᠪᠠᠢ᠌ᠨ᠎ᠠ ⁈

ᠡᠵᠢ ᠶᠢᠨ ᠪᠢᠳᠡᠭᠦᠯᠡᠭ᠍ᠰᠡᠨ ᠠᠯᠠᠭ᠎ᠠ ᠰᠢᠭ

ᠡᠯᠢᠭᠡᠨ ᠭᠡᠯᠪᠡᠷᠢᠳᠡᠢ ᠳᠡᠭᠡᠪᠦᠷᠢ ᠪᠠᠢ᠌ᠨ᠎ᠠ

ᠡᠴᠢᠭᠡ ᠶᠢᠨ ᠳᠤᠯᠠᠭᠠᠬᠠᠨ ᠳᠠᠪᠠᠷᠢ ᠰᠢᠭ᠌

ᠡᠷᠭᠢᠭᠦᠯᠵᠤ ᠭᠦᠳᠦᠷᠦᠭ᠍ᠰᠡᠨ ᠳᠤᠭᠤᠷᠭ᠎ᠠ ᠪᠠᠢ᠌ᠨ᠎ᠠ

ᠡᠩᠭᠡᠷ ᠳᠠᠯ᠎ᠠ ᠪᠠᠨ ᠵᠠᠳᠠᠭᠠᠢ᠌ᠯᠠᠭᠰᠠᠨ

ᠡᠯᠪᠠᠷᠢᠯ ᠦᠯᠵᠡᠢ᠌ᠳᠤ ᠡᠭᠦᠳᠡ ᠪᠠᠢ᠌ᠨ᠎ᠠ

《ᠢᠷᠡᠭᠡᠷᠡᠢ︕》 ᠭᠡᠰᠡᠨ ᠪᠠᠯᠭᠡᠰᠢᠶᠡᠯ ᠳᠠᠢ

ᠢᠭᠢᠷ᠎ᠠ ᠬᠤᠶᠠᠷ ᠬᠠᠭᠠᠯᠭ᠎ᠠ ᠪᠠᠢ᠌ᠨ᠎ᠠ

ᠥᠷᠪᠦᠭᠡ ᠳᠠᠭᠠᠯᠠᠭᠰᠠᠨ ᠮᠤᠳᠤᠷ ᠰᠢᠭ

ᠥᠡᠳᠡᠭᠡᠨ ᠴᠠᠭᠠᠨ ᠡᠷᠦᠭᠡ ᠪᠠᠢ᠌ᠨ᠎ᠠ

ᠥᠷᠭᠢᠷᠢᠭ᠌ ᠪᠦᠳᠦᠨ ᠲ᠋ᠠᠭᠠᠷᠠᠭᠤᠯᠤᠭᠰᠠᠨ

ᠥᠮᠦᠭ᠌ ᠭᠤᠷᠪᠠᠨ ᠪᠦᠰᠡᠯᠡᠭᠦᠷ ᠪᠠᠢ᠌ᠨ᠎ᠠ

ᠰᠠᠭᠠᠳᠠᠭ ᠨᠤᠮᠤ ᠶᠢᠨ ᠭᠦᠪᠴᠢ ᠰᠢᠭ᠌

ᠰᠠᠯᠠᠭ᠎ᠠ ᠽᠠᠠᠳᠠᠨ ᠴᠠᠩᠬᠤᠷ᠎ᠠ ᠪᠠᠢ᠌ᠨ᠎ᠠ

ᠰᠠᠷᠯᠤᠭ ᠤᠨ ᠠᠷᠠᠰᠤ ᠪᠠᠷ ᠵᠥᠷᠮᠦᠯᠡᠭ᠍ᠰᠡᠨ

ᠰᠠᠷᠠᠨ ᠳᠤᠭᠤᠢ ᠬᠠᠷᠠᠭᠠᠴᠠ ᠪᠠᠢ᠌ᠨ᠎ᠠ︕

ᠳᠡᠭ᠍ᠷᠢ ᠶᠢᠨ ᠣᠶᠤᠳᠠᠯ ᠰᠢᠭ ᠵᠤᠷᠠᠢ᠌ᠭᠰᠠᠨ

ᠳᠡᠨᠡᠢ᠌ᠭ᠍ᠰᠡᠨ ᠰᠠᠢ᠌ᠬᠠᠨ ᠳᠠᠷᠤᠭᠤᠯᠭ᠎ᠠ ᠲᠡᠶ ᠪᠠᠢ᠌ᠨ᠎ᠠ

ᠳᠡᠭᠡᠭ᠍ᠰᠢ ᠳᠤᠭᠤᠭᠰᠢ ᠪᠠᠨ ᠳᠠᠳᠠᠭᠰᠠᠨ

ᠳᠡᠩᠭᠡ ᠠᠰᠬᠠᠨ ᠴᠢᠭᠳᠠᠭ᠎ᠠ ᠲᠡᠶ ᠪᠠᠢ᠌ᠨ᠎ᠠ

ᠵᠠᠯᠠᠭ᠎ᠠ ᠶᠢᠨ ᠰᠠᠴᠤᠭ ᠰᠢᠭ ᠠᠰᠬᠠᠷᠠᠭᠰᠠᠨ

ᠵᠠᠪᠢᠶ᠎ᠠ ᠽᠠᠠᠳᠠᠨ ᠣᠨᠢ ᠪᠠᠢ᠌ᠨ᠎ᠠ

ᠵᠢᠭᠠᠰᠤᠨ ᠤ ᠬᠠᠢ᠌ᠷᠰᠤ ᠰᠢᠭ ᠢᠷᠠᠢ᠌ᠭᠰᠠᠨ

ᠵᠠᠯᠠᠵᠤ ᠥᠳᠦᠭ᠍ᠰᠡᠨ ᠳᠠᠷᠢᠮ᠎ᠠ ᠪᠠᠢ᠌ᠨ᠎ᠠ

ᠵᠥᠭᠯᠡᠭᠦᠷ ᠪᠣᠯᠤᠨ ᠴᠢᠭᠯᠡᠭ᠍ᠰᠡᠨ

ᠵᠦᠪ ᠳᠦᠷᠪᠡᠨ ᠳᠤᠪᠳᠤᠯᠭ᠎ᠠ ᠪᠠᠢ᠌ᠨ᠎ᠠ

ᠵᠥᠪᠭᠡᠨ ᠮᠤᠩᠭ᠋ᠤᠯ ᠳᠤ ᠮᠢᠨᠢ ᠰᠤᠶᠤᠷᠬᠠᠭᠰᠠᠨ

ᠵᠦᠩ ᠪᠢᠯᠢᠭ᠌ ᠲᠡᠶ ᠭᠡᠷ ᠪᠠᠢ᠌ᠨ᠎ᠠ︕

ᠳᠡᠭ᠍ᠷᠢ ᠭᠠᠵᠠᠷ ᠤᠨ ᠰᠠᠨᠠᠭ᠎ᠠ

ᠳᠠᠮᠤᠵᠢᠨ ᠪᠠᠭᠠᠳᠤᠷ ᠤᠨ ᠵᠠᠶᠠᠭ᠎ᠠ

ᠮᠤᠩᠭ᠋ᠤᠯ ᠤᠨ ᠮᠢᠨᠢ ᠥᠯᠦᠭᠡᠢ

ᠮᠠᠭᠤ ᠪᠠᠶ᠎ᠠ ᠶᠢᠨ ᠮᠢᠨᠢ ᠳᠡᠯᠡᠭᠡᠢ

ᠮᠥᠩᠭᠡ ᠭᠠᠯ ᠤᠨ ᠮᠢᠨᠢ ᠲᠦᠯᠦ

ᠮᠥᠩᠭᠡ ᠠᠷᠴᠠᠨ ᠤ ᠮᠢᠨᠢ ᠵᠠᠯᠢ ᠊᠊᠊᠊᠊᠊᠊᠊᠊᠊᠊᠊᠊᠊᠊

ᠮᠤᠩᠭ᠋ᠤᠯ ᠭᠡᠷ ᠵᠢᠠᠨ

ᠮᠤᠩᠭ᠋ᠤᠯ ᠭᠦᠤ ᠨᠢ ᠰᠢᠯᠦᠭᠯᠡᠵᠤ ᠪᠠᠢ᠌ᠨ᠎ᠠ ⁈

ᠵᠠᠭ ᠥᠷᠳᠦᠭ᠍ᠰᠡᠨ ᠴᠤᠭ ᠳᠡᠭᠡᠷ᠎ᠡ

ᠵᠠᠳᠠᠭᠠᠢ ᠳᠦᠯᠡᠭ᠍ᠰᠡᠨ ᠳᠠᠯᠤ ᠳᠠᠢ

ᠵᠠᠪᠢᠯᠠᠵᠤ ᠰᠠᠭᠤᠭᠰᠠᠨ ᠭᠡᠢ᠌ᠴᠢᠨ ᠳ᠋ᠡᠭᠡᠨ

ᠵᠠᠷᠤᠭᠰᠠᠨ ᠢᠷᠭᠡᠨ ᠤ ᠰᠢᠭᠦᠰᠤ ᠳᠠᠢ

ᠵᠠᠮ ᠤᠨ ᠭᠦᠮᠦᠰ ᠵᠤᠷᠢᠭᠰᠠᠨ ᠴᠤ

ᠵᠠᠪᠠᠭ ᠶᠢᠡᠷ ᠶᠢᠡᠨ ᠱᠠᠭᠠᠢ᠌ᠨ ᠬᠠᠷᠠᠳᠠᠭ ᠥᠭᠡᠢ

ᠵᠠᠬ᠎ᠠ ᠪᠠᠭᠢᠰ ᠲᠤ ᠰᠠᠭᠤᠯᠭᠠᠳᠠᠭ ᠥᠭᠡᠢ

ᠡᠴᠡᠵᠤ ᠶᠠᠳᠠᠷᠠᠭᠠᠤᠨ ᠳᠠᠮᠢᠷᠳᠠᠭᠰᠠᠨ ᠴᠤ

ᠡᠷᠭᠡᠨ ᠳᠡᠭᠡᠷ᠎ᠡ ᠪᠠᠨ ᠰᠠᠠᠳᠠᠯᠠᠢ᠌ᠳᠠᠳᠠᠭ ᠥᠭᠡᠢ

ᠡᠪᠳᠡᠷᠡᠵᠤ ᠮᠠᠭᠤᠳᠠᠭᠠᠤᠨ ᠶᠠᠪᠣᠭᠰᠠᠨ ᠴᠤ

ᠡᠭᠦᠳᠡ ᠪᠠᠨ ᠰᠠᠪᠠᠭᠠᠤᠨ ᠭᠠᠷᠳᠠᠭ ᠥᠭᠡᠢ

ᠶᠠᠷᠠᠨ ᠶ‍ᠢᠰᠤᠨ ᠣᠨᠢ ᠳᠠᠢ

ᠶ‍ᠢᠷᠳᠢᠠᠴᠤ ᠳᠡᠯᠡᠭᠡᠢ ᠡᠴᠡ ᠡᠭᠢ ᠳᠠᠢ

ᠨᠠᠶᠠᠨ ᠨᠢ᠋ᠮᠠᠨ ᠣᠨᠢ ᠳᠠᠢ

ᠨᠠᠷᠠᠨ ᠰᠠᠷᠠᠨ ᠭᠡᠯᠪᠠᠷᠢᠳᠡᠢ

ᠥᠷᠯᠦᠭ᠌ ᠪᠠᠭᠠᠳᠤᠷ ᠮᠤᠩᠭ᠋ᠤᠯ ᠊ᠤᠨ

ᠡᠷᠦᠭᠡᠨ ᠳᠤᠤᠷ᠎ᠠ ᠪᠠᠨ ᠠᠮᠤᠭᠤᠯᠠᠩ

ᠥᠷᠯᠦᠭ᠌ ᠪᠠᠭᠠᠳᠤᠷ ᠤᠨ ᠦᠷᠡᠰ ᠪᠠᠢ᠌ᠨ᠎ᠠ

ᠳᠢᠪ ᠳᠡᠯᠡᠭᠡᠢ ᠳᠤ ᠬᠤᠤᠰ ᠥᠭᠡᠢ

ᠳᠡᠭ᠍ᠷᠢ ᠶᠢᠨ ᠳᠠᠮᠠᠭᠠᠨ ᠪᠠᠭᠤᠷᠢ ᠪᠠᠢ᠌ᠨ᠎ᠠ

ᠳᠠᠩᠭᠢᠰ ᠰᠢᠭ᠌ ᠠᠭᠤᠵᠢᠭᠤ ᠣᠭᠰᠠᠭᠠᠳᠠᠨ ᠤ

ᠳᠡᠭ᠍ᠷᠢ ᠪᠠᠭᠠᠨᠠᠳᠠᠭᠰᠠᠨ ᠥᠷᠦᠭᠡ ᠪᠠᠢ᠌ᠨ᠎ᠠ

ᠳᠡᠭ᠍ᠷᠢ ᠭᠠᠵᠠᠷ ᠤᠨ ᠰᠠᠨᠠᠭ᠎ᠠ

ᠳᠠᠮᠤᠵᠢᠨ ᠪᠠᠭᠠᠳᠤᠷ ᠤᠨ ᠵᠠᠶᠠᠭ᠎ᠠ

ᠮᠤᠩᠭ᠋ᠤᠯ ᠤᠨ ᠮᠢᠨᠢ ᠥᠯᠦᠭᠡᠢ

ᠮᠠᠭᠤ ᠪᠠᠶ᠎ᠠ ᠶᠢᠨ ᠮᠢᠨᠢ ᠳᠡᠯᠡᠭᠡᠢ

ᠮᠥᠩᠭᠡ ᠭᠠᠯ ᠤᠨ ᠮᠢᠨᠢ ᠲᠦᠯᠦ

ᠮᠥᠩᠭᠡ ᠠᠷᠴᠠᠨ ᠤ ᠮᠢᠨᠢ ᠵᠠᠯᠢ ᠊᠊᠊᠊᠊᠊᠊᠊᠊᠊᠊᠊᠊᠊᠊

ᠮᠤᠩᠭ᠋ᠤᠯ ᠭᠡᠷ ᠵᠢᠠᠨ

ᠮᠤᠩᠭ᠋ᠤᠯ ᠭᠦᠤ ᠨᠢ ᠰᠢᠯᠦᠭᠯᠡᠵᠤ ᠪᠠᠢ᠌ᠨ᠎ᠠ ⁈

ᠮᠤᠩᠭ᠋ᠤᠯ ᠭᠡᠷ ᠮᠢᠨᠢ ᠰᠥᠡᠳᠡᠷᠯᠡᠭ᠍ᠰᠡᠭᠡᠷ ᠯᠠ ᠪᠠᠢ᠌ᠨ᠎ᠠ

ᠮᠤᠩᠭ᠋ᠤᠯ ᠰᠦᠰᠦ ᠮᠢᠨᠢ ᠰᠢᠯᠦᠭᠯᠡᠭ᠍ᠰᠡᠭᠡᠷ ᠯᠠ ᠪᠠᠢ᠌ᠨ᠎ᠠ ⁈

ᠵᠤᠬᠢᠶᠠᠭᠴᠢ᠄ ᠬᠠᠰᠭᠢᠷᠤᠯ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4523
ᠴᠠᠭ᠄ 2007 ᠤᠨ ᠤ 09 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ