ᠨᠡᠪᠲᠡᠷᠡᠨ ᠤᠷᠤᠬᠤ
ᠬᠠᠢ᠌ᠷ᠎ᠠ ᠶᠢᠨ ᠳᠤᠷᠠᠰᠤᠮᠵᠢ

ᠰᠠᠢ᠌ᠬᠠᠨ ᠳᠠᠭᠤᠤ ᠳᠤ ᠰᠡᠳᠭᠢᠯ ᠣᠶᠠᠷᠠᠨ᠎ᠠ

ᠰᠠᠨᠠᠭᠠᠨ ᠳᠤ ᠣᠯᠠᠨ ᠳᠤᠷᠠᠳᠬᠠᠯ ᠭᠦᠪᠦᠷᠡᠨ᠎ᠡ

ᠭᠦᠭᠡᠷᠦᠭᠡᠨ ᠠᠯᠠᠭ ᠨᠢᠳᠤᠨ ᠳᠤ ᠨᠢᠯᠪᠣᠰᠤ ᠮᠡᠯᠳᠡᠭᠡᠨᠡᠨ᠎ᠡ

ᠭᠦᠩᠭᠡᠨ ᠭᠤᠨᠢᠭ ᠲᠡᠶ ᠬᠠᠮᠳᠤ ᠡᠩᠭᠡᠷ ᠣᠷᠤᠭᠤ ᠪᠦᠮᠪᠦᠷᠢᠨ᠎ᠡ


ᠰᠢᠭᠦᠳᠡᠷᠢ ᠶᠢᠨ ᠮᠥᠭᠦᠯᠢᠭ᠌ ᠰᠢᠭ᠌ ᠳᠤᠩᠭ᠋ᠠᠯᠠᠭ ᠨᠢᠯᠪᠣᠰᠤᠨ ᠳᠤ

ᠰᠡᠳᠭᠢᠯ ᠤᠨ ᠰᠢᠷᠬ᠎ᠠ ᠪᠣᠯᠤᠭᠰᠠᠨ ᠭᠦᠮᠤᠨ ᠤ ᠳᠦᠷᠢ ᠳᠤᠳᠤᠷᠠᠨ᠎ᠠ

ᠠᠷᠢᠯᠴᠢᠬᠠᠬᠤ ᠡᠴᠡ ᠨᠢ ᠠᠶᠤᠵᠤ ᠠᠯᠠᠭ᠎ᠠ ᠪᠠᠨ ᠳᠤᠰᠬᠤ ᠳᠤ

ᠢᠯᠴᠢ ᠬᠤᠪᠢᠯᠤᠨ ᠵᠢᠷᠦᠭᠡᠨ ᠳᠤ ᠰᠢᠩᠭᠡᠨ᠎ᠡ


ᠴᠡᠭ ᠣᠨ ᠵᠢᠯ ᠢ ᠳᠠᠭᠤᠵᠤ ᠣᠷᠤᠰᠤᠨ᠎ᠠ

ᠨᠠᠰᠤ ᠣᠨ ᠵᠢᠯ ᠢ ᠳᠠᠭᠠᠵᠤ ᠣᠷᠤᠰᠤᠨ᠎ᠠ

ᠴᠢᠩ ᠦᠨᠡᠠᠴᠢ ᠬᠠᠢ᠌ᠷ᠎ᠠ ᠶᠢᠨ ᠦᠯᠢᠭᠡᠷ

ᠴᠠᠯ ᠨᠤᠭᠤᠭᠠᠨ ᠳᠤᠷᠠᠰᠤᠮᠵᠢ ᠪᠣᠯᠵᠤ ᠦᠯᠠᠳᠠᠨ᠎ᠠ



ᠵᠤᠬᠢᠶᠠᠭᠴᠢ ᠶᠢᠨ ᠬᠠᠶ‍ᠢᠭ ᠄ ᠦᠪᠣᠷ ᠮᠤᠩᠭ᠋ᠤᠯ

ᠵᠤᠬᠢᠶᠠᠭᠴᠢ᠄ ᠪᠣᠯᠤᠷᠮ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ