☆ ᠨᠠᠮᠵᠢᠯ ᠤᠨ ᠮᠥᠩᠭᠡᠪᠠᠶᠡᠷ
ᠠᠮᠢᠳᠤ ᠳᠠᠭᠠᠨ ᠪᠠᠶ᠎ᠠ ᠪᠠᠶ᠎ᠠ ᠪᠠᠨ ᠬᠠᠢ᠌ᠷᠠᠯᠠ
ᠭᠦᠯᠢᠶᠡᠭ᠍ᠰᠡᠭᠡᠷ ᠭᠦᠯᠢᠶᠡᠭ᠍ᠰᠡᠭᠡᠷ
ᠭᠦᠮᠤᠨ ᠡᠴᠡ ᠬᠤᠴᠤᠷᠬᠤ ᠪᠠᠨ ᠪᠠᠢ᠌ᠶ᠎ᠠ
ᠭᠦᠮᠦᠡᠯᠢᠭ᠌ ᠬᠤᠷᠸ᠎ᠠ ᠶᠢᠨ ᠠᠯᠢᠪᠠ ᠵᠤᠪᠠᠯᠠᠩ ᠵᠢᠷᠭᠠᠯ ᠢ
ᠭᠦᠳᠡᠷ ᠮᠦᠷᠤᠨ ᠳᠡᠭᠡᠨ ᠡᠭᠦᠷᠴᠤ
ᠭᠦᠮᠤᠨ ᠭᠦᠮᠤᠨ ᠶᠢᠡᠨ ᠬᠠᠢ᠌ᠷᠠᠯᠠ
ᠣᠠᠳᠠᠭᠰᠠᠭᠠᠷ ᠣᠠᠳᠠᠭᠰᠠᠭᠠᠷ
ᠣᠷᠴᠢᠯᠠᠩ ᠡᠴᠡ ᠬᠤᠴᠤᠷᠬᠤ ᠪᠠᠨ ᠪᠠᠢ᠌ᠶ᠎ᠠ
ᠥᠷᠦᠭᠡᠯ ᠤᠨ ᠳᠠᠪᠰᠢᠯᠳᠠ ᠶᠢ ᠬᠠᠷᠠᠭᠠᠤᠨ
ᠣᠯᠭᠤ ᠠᠯᠳᠠᠨ ᠠᠮᠠ ᠪᠠᠨ ᠪᠠᠷᠢᠬᠤ ᠪᠠᠨ ᠪᠠᠢ᠌ᠶ᠎ᠠ
ᠥᠷᠭᠡᠨ ᠮᠦᠷᠤᠨ ᠳᠡᠭᠡᠨ ᠮᠤᠩᠭ᠋ᠤᠯ ᠤᠨ ᠰᠦᠯᠳᠡ ᠪᠠᠨ ᠪᠠᠳᠠᠷᠠᠭᠠᠨ
ᠥᠭᠦᠭᠡᠷᠢ ᠳᠤ ᠣᠷᠤᠭᠰᠠᠨ ᠴᠤ
ᠪᠠᠶ᠎ᠠ ᠪᠠᠶ᠎ᠠ ᠪᠠᠨ ᠬᠠᠢ᠌ᠷᠠᠯᠠ
ᠰᠠᠨᠠᠭᠰᠠᠭᠠᠷ ᠰᠠᠨᠠᠭᠰᠠᠭᠠᠷ
ᠰᠠᠢ᠌ᠬᠠᠨ ᠦᠬᠢᠳ ᠢ ᠶᠠᠪᠣᠭᠤᠯᠬᠤ ᠪᠠᠨ ᠪᠠᠢ᠌ᠶ᠎ᠠ
ᠰᠠᠨᠠᠭ᠎ᠠ ᠵᠠᠶᠠᠭ᠎ᠠ ᠪᠠᠨ ᠭᠦᠭᠡ ᠳᠡᠭ᠍ᠷᠢ ᠳᠡᠭᠡᠨ ᠳᠠᠭᠠᠤᠠᠬᠠᠨ
ᠰᠠᠷ᠎ᠠ ᠨᠠᠷᠠ ᠶᠢ ᠮᠤᠩᠭ᠋ᠤᠯ ᠤᠨ ᠳᠠᠯ᠎ᠠ ᠳᠠᠭᠠᠨ ᠵᠢᠷᠭᠠᠭᠠᠨ
ᠰᠠᠷᠬᠤᠤᠨ ᠭᠡᠮᠨᠡᠨ
ᠨᠢᠭᠡ ᠨᠢᠭᠡᠨ ᠶᠢᠡᠨ ᠬᠠᠢ᠌ᠷᠠᠯᠠ
ᠰᠠᠢ᠌ᠬᠠᠨ ᠪᠦᠭᠦᠨ ᠶᠢᠡᠨ ᠨᠢᠭᠡᠨ ᠡᠴᠡ ᠪᠠᠨ ᠪᠣᠤ ᠬᠠᠷᠠᠮᠨᠠ
ᠰᠠᠢ᠌ᠮᠰᠤᠷᠬᠠᠵᠤ ᠪᠠᠰᠠ ᠠᠮᠢ ᠠᠮᠢ ᠪᠠᠨ ᠪᠣᠤ ᠬᠤᠤᠷᠯᠠ
ᠽᠠᠮᠪᠣᠯᠢᠩ ᠳᠤ ᠨᠢᠭᠡ ᠯᠠ ᠣᠳᠠᠭ᠎ᠠ ᠳᠦᠷᠦᠳᠡᠭ᠌ ᠰᠢᠤ ᠪᠠᠶ᠎ᠠ ᠮᠢᠨᠢ ᠭᠡᠵᠤ
ᠰᠠᠮᠠᠭᠠᠨ ᠡᠵᠢ ᠳᠡᠭᠡᠨ ᠥᠭᠦᠳᠡᠯ᠎ᠡ ᠪᠠᠨ ᠬᠠᠢ᠌ᠷᠠᠳᠠᠢ ᠪᠠᠢ
ᠵᠠᠭᠤ ᠭᠦᠷᠦᠨ᠎ᠡ ᠦᠦ ᠭᠡᠵᠤ ᠪᠠᠶ᠎ᠠ ᠪᠠᠨ ᠪᠣᠤ ᠵᠥᠪᠳᠡᠭᠡ
ᠵᠠᠭᠤᠷᠮᠠᠭ ᠨᠠᠰᠤᠯᠠᠬᠤ ᠳᠠᠪᠢᠯᠠᠩ ᠴᠤ ᠪᠠᠢ᠌ᠵᠤ ᠮᠡᠳᠡᠭᠦ ᠶᠤᠮ
ᠵᠥᠭᠡᠯᠡᠨ ᠽᠠᠮᠪᠣᠯᠢᠩ ᠤᠨ ᠵᠦᠪ ᠵᠠᠮ ᠶᠢᠡᠷ
ᠵᠢᠷᠦᠭᠡᠨ ᠮᠤᠩᠭ᠋ᠤᠯ ᠳᠠᠭᠠᠨ ᠠᠮᠢᠳᠤ ᠶᠢᠨ ᠵᠢᠷᠭᠠᠯ ᠡᠳ᠋ᠯᠡᠵᠤ
ᠵᠥᠭᠡᠯᠡᠨ ᠴᠠᠭᠠᠨ ᠠᠷᠠᠤᠨ ᠤᠨ ᠰᠠᠤᠠᠭᠢᠯ ᠳᠤ ᠣᠷᠤᠪᠠᠯ
ᠵᠠᠭᠤᠨ ᠵᠠᠭᠤᠨ ᠳᠤ ᠨᠠᠷᠠ ᠴᠢᠨᠢ ᠠᠮᠢᠳᠤ ᠪᠠᠷ ᠶᠢᠡᠨ ᠦᠯᠠᠳᠠᠨ᠎ᠠ︕
ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ
ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄
ᠰᠢᠯᠦᠭᠳᠠᠷᠤᠮ᠄ 8693
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ