☆ ᠰᠠ᠊·ᠵᠠᠮᠢᠶᠠᠨ
ᠭᠡᠷᠪᠡ
ᠭᠡᠷᠪᠡ ᠁
ᠴᠢ ᠰᠦᠨᠢ ᠪᠠᠷ ᠳᠡᠪᠠᠷᠢᠭᠦᠯᠵᠤ ᠬᠤᠨᠤᠬᠤ ᠳᠠᠭᠠᠨ
ᠡᠳᠦᠷ ᠢ ᠵᠡᠭᠦᠳᠦᠯᠡᠳᠡᠭ᠌ ᠭᠡᠯᠡ
ᠪᠢ ᠡᠳᠦᠷ ᠶᠢᠡᠷ ᠳᠠᠭᠠᠯᠠᠭᠤᠯᠵᠤ ᠰᠠᠭᠤᠬᠤ ᠳᠠᠭᠠᠨ
ᠰᠦᠨᠢ ᠶᠢ ᠮᠦᠷᠦᠭᠡᠳᠳᠡᠭ᠌ ᠪᠠᠢ᠌ᠯ᠎ᠠ
ᠭᠡᠷᠪᠡ ᠪᠦᠮᠪᠦᠷᠴᠡᠭ᠌ ᠨᠢᠭᠡ ᠵᠤᠭᠰᠤᠭᠠᠤᠨ ᠠᠪᠣᠪᠠᠯ
ᠪᠢᠳᠠ ᠨᠢᠭᠡ ᠭᠦᠳᠡᠯᠦᠭᠡᠳ ᠠᠪᠣᠪᠠᠯ᠁
ᠪᠣᠴᠠᠯᠳᠠ ᠶᠢᠨ ᠱᠤᠭᠤᠮ
ᠨᠠᠷᠠ ᠣᠯᠠᠷᠢᠯ ᠶᠢᠡᠨ ᠳᠠᠭᠠᠭᠤᠯᠵᠤ ᠪᠦᠰᠡᠯᠡᠭᠦᠷ ᠵᠥᠭ᠌ ᠶᠢᠡᠨ ᠪᠣᠴᠠᠨ᠎ᠠ
ᠪᠢᠳᠠ ᠣᠯᠠᠷᠢᠯ ᠶᠢᠡᠨ ᠴᠡᠭᠡᠵᠢᠯᠡᠵᠤ ᠰᠡᠳᠬᠢᠯ ᠵᠥᠭ᠌ ᠶᠢᠡᠨ ᠪᠣᠴᠠᠨ᠎ᠠ
ᠮᠠᠨᠠᠢ᠌ᠭᠢᠨ ᠳᠤ ᠳᠦᠷᠪᠠᠨ ᠣᠯᠠᠷᠢᠯ ᠲᠡᠶ
ᠨᠠᠷᠠ ᠬᠤᠯᠠᠳᠴᠤ ᠤᠢ᠌ᠷᠠᠳᠤᠳᠠᠭ ᠶᠢᠡᠷ ᠶᠢᠡᠨ
ᠪᠦᠰᠡᠯᠡᠭᠦᠷ ᠤᠨ ᠭᠢᠨ ᠳᠤ ᠭᠤᠷᠪᠠ ᠨᠢ ᠳᠤᠳᠠᠭᠤ
ᠨᠠᠷᠠ ᠬᠤᠷᠭᠤᠳᠠᠭᠠᠤᠨ ᠬᠤᠯᠠᠳᠠᠳᠠᠭ ᠦᠭᠡᠶ ᠪᠠᠷ ᠶᠢᠡᠨ᠃
ᠵᠤᠬᠢᠶᠠᠭᠴᠢ ᠶᠢᠨ ᠬᠠᠶᠢᠭ ᠄ ᠦᠪᠣᠷ ᠮᠤᠩᠭ᠋ᠤᠯ᠂ ᠠᠷᠤ ᠬᠤᠷᠴᠢᠨ
ᠵᠤᠬᠢᠶᠠᠭᠴᠢ᠄ ᠰᠠ᠊·ᠵᠠᠮᠢᠶᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ