☆ ᠨᠠᠢ᠌ᠷᠠᠭ ᠡᠮᠭᠢᠦᠡᠭᠡᠪᠡ
ᠪᠣᠷᠭᠠᠰᠤᠳᠠᠢ ᠠᠭᠤᠯᠠ ᠪᠠ ᠪᠠᠷᠰ ᠤᠨ ᠳᠤᠬᠠᠢ ᠳᠤᠮᠤᠭ
ᠡᠷᠳᠡ ᠦᠶ᠎ᠡ ᠳᠤ ᠪᠣᠷᠭᠠᠰᠤᠳᠠᠢ ᠠᠭᠤᠯᠠ ᠳᠤᠩ ᠦᠩ ᠰᠢᠮᠡᠯᠢᠭ᠌ ᠪᠠᠢ᠌ᠭᠰᠠᠨ ᠳᠤᠯᠠ ᠡᠯᠳᠡᠪ ᠵᠣᠢ᠌ᠯ ᠤᠨ ᠠᠷᠢᠶᠠᠳᠠᠨ ᠭᠦᠷᠦᠭᠡᠰᠤ ᠰᠥᠷᠦᠭᠯᠡᠨ ᠠᠮᠢᠳᠤᠷᠠᠵᠤ ᠪᠠᠢ᠌ᠵᠠᠢ᠃ ᠨᠠᠩ ᠴᠤ ᠭᠤᠷᠭᠤᠤᠯ ᠰᠢᠪᠠᠭᠤ ᠳᠤᠩ ᠣᠯᠠᠨ ᠪᠠᠢ᠌ᠵᠠᠢ᠃ ᠪᠣᠷᠭᠠᠰᠤᠳᠠᠢ ᠠᠭᠤᠯᠠ ᠶᠢᠨ ᠡᠩᠭᠡᠷ ᠲᠤ ᠨᠢᠭᠡ ᠰᠦᠮ᠎ᠡ ᠪᠠᠢ᠌ᠭᠰᠠᠨ ᠪᠦᠭᠡᠳ ᠡᠨᠡ ᠰᠦᠮ᠎ᠡ ᠪᠠᠨ ᠭᠤᠷᠭᠤᠤᠯᠳᠠᠢ ᠶᠢᠨ ᠰᠦᠮ᠎ᠡ ᠊᠊᠊᠊᠊᠊᠊᠊᠊᠊᠊᠊᠊᠊᠊ 《ᠶᠡᠭᠡᠳᠡ ᠢᠪᠠᠭᠡᠯᠳᠤ ᠰᠦᠮ᠎ᠡ》 ᠭᠡᠳᠡᠭ᠌᠃ ᠡᠨᠡ ᠰᠦᠮ᠎ᠡ ᠶᠢᠨ ᠬᠤᠪᠢᠯᠭᠠᠨ ᠯᠠᠮᠠ ᠨᠢᠭᠡ ᠪᠠᠷᠰ ᠳᠡᠵᠢᠭᠡᠵᠤ ᠪᠠᠢ᠌ᠵᠠᠢ᠃
ᠨᠢᠭᠡ ᠡᠳᠦᠷ᠂ ᠬᠤᠪᠢᠯᠭᠠᠨ ᠯᠠᠮᠠ ᠶᠢᠨ ᠳᠡᠵᠢᠭᠡᠵᠤ ᠪᠠᠢ᠌ᠭᠰᠠᠨ ᠪᠠᠷᠰ ᠨᠢ ᠪᠣᠷᠭᠠᠰᠤᠳᠠᠢ ᠠᠭᠤᠯᠠᠨ ᠳᠤ ᠭᠠᠷᠴᠠᠢ᠃ ᠪᠠᠷᠰ ᠶᠠᠪᠣᠭᠰᠠᠭᠠᠷ ᠪᠠᠢ᠌ᠳᠠᠯ᠎ᠠ ᠰᠦᠮ᠎ᠡ ᠶᠢᠨ ᠰᠠᠩ ᠤᠨ ᠠᠳᠤᠭᠤᠳ ᠤᠨ ᠪᠠᠯᠴᠢᠵᠤ ᠪᠠᠢ᠌ᠭᠰᠠᠨ ᠭᠠᠵᠠᠷ ᠣᠴᠢᠭᠰᠠᠨ ᠪᠠᠢ᠌ᠵᠠᠢ᠂ ᠰᠦᠮ᠎ᠡ ᠶᠢᠨ ᠰᠠᠩ ᠤᠨ ᠣᠩᠭ᠋ᠤᠨ ᠠᠵᠢᠷᠭ᠎ᠠ ᠭᠦᠴᠦᠳᠤ ᠪᠠᠷᠰ ᠤᠨ ᠣᠷᠭᠢᠷᠭᠠᠨ ᠠᠪᠣᠷᠭᠤ ᠰᠦᠷ ᠡᠴᠡ ᠰᠥᠷᠳᠡᠭ᠍ᠰᠡᠨ ᠦᠭᠡᠶ᠂ ᠰᠥᠷᠦᠭ᠌ ᠤᠨ ᠳᠤᠮᠳᠠ ᠣᠷᠤᠵᠤ ᠢᠷᠡᠭ᠍ᠰᠡᠨ ᠡᠨᠡᠭᠦ ᠵᠢᠰᠤ ᠪᠣᠷᠤᠭᠤ ᠡᠳᠡᠭᠡᠳ ᠲᠡᠶ ᠳᠤᠯᠤᠯᠳᠤᠵᠠᠢ᠂ ᠭᠦᠴᠦᠳᠤ ᠪᠠᠷᠰ ᠣᠩᠭ᠋ᠤᠨ ᠠᠵᠢᠷᠭ᠎ᠠ ᠬᠤᠶᠠᠷ ᠪᠠᠭ᠎ᠠ ᠦᠳᠡ ᠡᠴᠡ ᠳᠡᠭᠡᠰᠢᠩ ᠤᠨ ᠨᠠᠷᠠ ᠪᠣᠯᠳᠠᠯ᠎ᠠ ᠳᠤᠯᠤᠯᠳᠠᠵᠤ ᠳᠠᠢ᠌ᠯᠤᠨ ᠳᠡᠢ᠌ᠯᠦᠭ᠍ᠳᠡᠭᠦ ᠢᠯᠭᠠᠭᠤᠷᠢ ᠦᠭᠡᠶ ᠰᠠᠯᠵᠠᠢ᠃ ᠡᠨᠡ ᠪᠦᠭᠦᠨ ᠢ ᠠᠭᠤᠯᠠᠨ ᠳᠡᠭᠡᠷ᠎ᠡ ᠡᠴᠡ ᠠᠵᠢᠭᠯᠠᠨ ᠪᠠᠢ᠌ᠭᠰᠠᠨ ᠰᠦᠮ᠎ᠡ ᠶᠢᠨ ᠰᠠᠩ ᠤᠨ ᠠᠳᠤᠭᠤᠴᠢᠨ ᠠᠳᠤᠭᠤᠨ ᠳᠠᠭᠠᠭᠠᠮᠠᠯ ᠳᠤ ᠬᠠᠷᠢᠭᠤ ᠮᠡᠳᠡᠭᠦᠯᠦᠭ᠍ᠰᠡᠨ ᠳᠤ ᠠᠳᠤᠭᠤᠨ ᠳᠠᠭᠠᠭᠠᠮᠠᠯ᠄ 《ᠬᠠᠢ︕ ᠣᠩᠭ᠋ᠤᠨ ᠠᠵᠢᠷᠭ᠎ᠠ ᠳᠠᠯ ᠶᠢᠡᠨ ᠳᠠᠭᠠᠭᠠᠬᠤ ᠦᠭᠡᠶ ᠪᠠᠢ᠌ᠬᠤ ᠪᠣᠯᠬᠤᠷ᠂ ᠪᠠᠷᠰ ᠢ ᠳᠠᠢ᠌ᠯᠵᠤ ᠭᠦᠴᠦᠷᠭᠦ ᠦᠭᠡᠶ ᠪᠠᠢ᠌ᠨ᠎ᠠ》 ᠭᠡᠳ ᠭᠡᠳᠤᠨ ᠠᠷᠪᠠᠨ ᠰᠠᠢ᠌ᠨ ᠡᠷᠡᠰ ᠢ ᠴᠤᠭᠯᠠᠭᠤᠯᠤᠨ ᠣᠩᠭ᠋ᠤᠨ ᠠᠵᠢᠷᠭ᠎ᠠ ᠶᠢᠨ ᠳᠠᠯ ᠢ ᠭᠢᠷᠠᠭᠠᠵᠤ ᠬᠠᠶᠠᠵᠠᠢ᠃
ᠮᠠᠷᠭᠠᠰᠢ ᠨᠢ ᠪᠠᠷᠰ᠂ ᠠᠵᠢᠷᠭ᠎ᠠ ᠬᠤᠶᠠᠷ ᠥᠴᠦᠭᠡᠳᠦᠷ ᠤᠨ ᠳᠤᠯᠤᠯᠳᠤᠭᠰᠠᠨ ᠭᠠᠵᠠᠷ ᠲᠠᠭᠠᠨ ᠠᠭᠤᠯᠵᠠᠭᠰᠠᠨ᠎ᠠ᠂ ᠣᠩᠭ᠋ᠤᠨ ᠠᠵᠢᠷᠭ᠎ᠠ ᠪᠠᠷᠰ ᠤᠨ ᠨᠢᠭᠡ ᠠᠯᠠᠭ᠎ᠠ ᠶᠢ ᠳᠠᠭᠠᠯ ᠦᠭᠡᠶ ᠳᠤᠩᠭ᠋ᠤᠷᠠᠨ ᠣᠨᠠᠵᠤ ᠥᠭᠦᠭ᠍ᠰᠡᠨ ᠭᠡᠨ᠎ᠡ᠃
ᠡᠭᠦᠨ ᠡᠴᠡ ᠬᠣᠢ᠌ᠰᠢ ᠪᠣᠷᠭᠠᠰᠤᠳᠠᠢ ᠠᠭᠤᠯᠠᠨ ᠳᠤ ᠮᠠᠯ ᠴᠥᠭᠡᠨ ᠣᠴᠢᠬᠤ ᠪᠣᠯᠵᠤ᠂ ᠪᠣᠷᠭᠠᠰᠤᠳᠠᠢ ᠠᠭᠤᠯᠠᠨ ᠳᠤ ᠪᠠᠷᠰ ᠪᠠᠢ᠌ᠨ᠎ᠠ ᠭᠡᠰᠡᠨ ᠴᠤᠤᠷᠬᠠᠯ ᠳᠠᠷᠬᠠᠵᠠᠢ᠃
ᠵᠢᠯᠤᠭᠤᠳᠤᠭᠰᠠᠨ ᠪᠠᠭᠰᠢ᠄ ᠷᠢᠠᠴᠢᠩᠭ᠋ᠤᠸᠠ
ᠵᠤᠬᠢᠶᠠᠭᠴᠢ ᠶᠢᠨ ᠬᠠᠶᠢᠭ ᠄ ᠪᠠᠭᠠᠷᠢᠨ ᠪᠠᠷᠠᠭᠤᠨ ᠬᠤᠰᠢᠭᠤᠨ ᠤ ᠪᠠᠶᠠᠠᠳᠠᠯ᠎ᠠ ᠰᠤᠮᠤᠨ ᠤ ᠭᠤᠤᠯ ᠪᠠᠭ᠎ᠠ ᠰᠤᠷᠭᠠᠭᠤᠯᠢ ᠶᠢᠨ ᠰᠤᠷᠤᠭᠴᠢ
ᠵᠤᠬᠢᠶᠠᠭᠴᠢ᠄ ᠨᠠᠢ᠌ᠷᠠᠭ ᠡᠮᠭᠢᠦᠡᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠥᠭᠥᠯᠡᠯᠭᠡᠳᠠᠷᠤᠮ᠄ 9243
ᠴᠠᠭ᠄ 2009 ᠤᠨ ᠤ 12 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ