☆ ᠰᠠᠷᠵᠢᠮ᠎ᠠ ᠡᠮᠭᠢᠦᠡᠭᠡᠪᠡ
ᠵᠢᠷᠤᠭ᠎ᠠ ᠥᠭᠡ
ᠬᠤᠶᠠᠷ ᠭᠡᠦᠭᠡᠤᠨ ᠬᠤᠷᠤᠬᠠᠢ ᠴᠡᠴᠡᠭ᠌
ᠴᠡᠴᠡᠭ᠌ ᠳᠤᠨᠢ ᠴᠡᠭᠡ ᠠᠯᠠᠭ
ᠠᠯᠠᠭ ᠳᠤᠨᠢ ᠠᠷᠪᠠᠨ ᠭᠡᠯᠭᠢᠶ᠎ᠡ
ᠭᠡᠯᠭᠢᠶᠡᠨ ᠳᠤᠨᠢ ᠭᠡᠳᠡᠷ ᠵᠠᠭᠠᠨ
ᠵᠠᠭᠠᠨ ᠳ᠋ᠤᠨᠢ ᠵᠢᠷᠤᠬᠠᠢ ᠪᠢᠴᠢᠭ᠌
ᠪᠢᠴᠢᠭ᠌ ᠳᠤᠨᠢ ᠪᠢᠷ ᠬᠤᠭᠤᠷ
ᠬᠤᠭᠤᠷᠤᠨ ᠳ᠋ᠤᠨᠢ ᠬᠤᠠᠳᠠᠨ ᠡᠯᠵᠢᠭᠡ
ᠡᠯᠵᠢᠭᠡᠨ ᠳ᠋ᠤᠨᠢ ᠡᠷ᠎ᠡ ᠪᠣᠭᠤᠷᠤᠯ
ᠪᠣᠭᠤᠷᠤᠯ ᠳ᠋ᠤᠨᠢ ᠪᠣᠭᠳᠠ ᠭᠠᠯᠠᠭᠤ
ᠭᠠᠯᠠᠭᠤᠨ ᠳ᠋ᠤᠨᠢ ᠭᠠᠵᠠᠷ ᠣᠰᠤ
ᠣᠰᠤᠨ ᠳ᠋ᠤᠨᠢ ᠣᠬᠠᠭᠠᠠᠳᠤ ᠮᠤᠩᠭ᠋ᠤᠯ
ᠮᠤᠩᠭ᠋ᠤᠯ ᠳ᠋ᠤᠨᠢ ᠮᠤᠳᠤᠨ ᠭᠦᠷᠢᠶ᠎ᠡ
ᠭᠦᠷᠢᠶᠡᠨ ᠳ᠋ᠤᠨᠢ ᠭᠦᠷᠡᠩ ᠳᠤᠭᠤᠳᠤᠭ
ᠲ᠋ᠤᠭᠤᠳᠤᠭᠠᠨ ᠳ᠋ᠤᠨᠢ ᠳᠤᠯᠢᠨ ᠮᠡᠷᠭᠡᠨ
ᠮᠡᠷᠭᠡᠯᠡᠭ᠍ᠰᠡᠨ ᠨᠢ ᠮᠢᠨᠤ ᠬᠤᠶᠠᠷ ᠭᠡᠦᠭᠡᠤᠨ
ᠵᠤᠬᠢᠶᠠᠭᠴᠢ᠄ ᠰᠠᠷᠵᠢᠮ᠎ᠠ ᠡᠮᠭᠢᠦᠡᠭᠡᠪᠡ
ᠬᠠᠷᠢᠶ᠎ᠠ᠄
ᠰᠤᠶᠤᠯ ᠣᠷᠠᠯᠢᠭᠳᠠᠷᠤᠮ᠄ 7823
ᠴᠠᠭ᠄ 2005 ᠤᠨ ᠤ 11 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ