ᠨᠡᠪᠲᠡᠷᠡᠨ ᠤᠷᠤᠬᠤ
ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊ ᠴᠤᠳ

ᠳᠠᠷᠢᠶᠠᠨ ᠥᠵᠦᠭᠦᠷ ᠨᠢ ᠳᠤᠯᠤᠭᠠᠢ ᠨᠠᠢ᠌ᠯᠠᠪᠠᠴᠤ

ᠳᠠᠨᠢᠯᠴᠠᠳᠠᠭ ᠦᠭᠡᠶ ᠮᠤᠩᠭ᠋ᠤᠯᠴᠤᠳ

ᠳᠠᠪᠤᠨ ᠮᠠᠯ ᠨᠢ ᠬᠤᠰᠢᠭᠤ ᠨᠠᠢ᠌ᠯᠠᠪᠠᠴᠤ

ᠳᠠᠭᠠᠷᠠᠯᠴᠠᠳᠠᠭ ᠦᠭᠡᠶ ᠮᠤᠩᠭ᠋ᠤᠯᠴᠤᠳ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠪᠢᠴᠢᠭ᠌ ᠢ ᠮᠤᠩᠭ᠋ᠤᠯ ᠶᠢᠡᠷ ᠰᠤᠷᠤᠭᠠᠤᠨ

ᠪᠢᠷ ᠶᠢᠡᠨ ᠭᠢᠳᠠᠤᠨ ᠶᠢᠡᠷ ᠭᠦᠳᠡᠯᠭᠡᠳᠡᠭ᠌

ᠪᠢᠯᠢᠭ᠌ ᠶᠢᠡᠨ ᠮᠤᠩᠭ᠋ᠤᠯ ᠶᠢᠡᠷ ᠰᠤᠷᠢᠭᠠᠤᠨ

ᠪᠠᠷᠢ ᠪᠠᠨ ᠭᠢᠳᠠᠤᠨ ᠶᠢᠡᠷ ᠭᠦᠩᠭᠡᠵᠢᠭᠦᠯᠳᠡᠭ᠌

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠬᠤᠨᠢ ᠪᠠᠨ ᠭᠢᠳᠠᠤᠨ ᠶᠢᠡᠷ ᠳᠠᠮᠠᠭᠠᠯᠠᠵᠤ

ᠬᠤᠳᠠ ᠪᠠᠨ ᠮᠤᠩᠭ᠋ᠤᠯ ᠶᠢᠡᠷ ᠰᠠᠭᠢᠳᠠᠭ

ᠬᠤᠩᠰᠢᠶᠠᠷ ᠶᠢᠡᠨ ᠬᠠᠷᠢ ᠪᠠᠷ ᠪᠢᠯᠡᠭᠦᠳᠡᠵᠤ

ᠬᠤᠳᠤᠭᠤᠳᠤ ᠪᠠᠨ ᠠᠷᠢᠭᠢ ᠪᠠᠷ ᠰᠠᠪᠠᠯᠠᠳᠠᠭ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠬᠠᠳᠠᠭ ᠶᠢᠡᠨ ᠬᠤᠮᠢᠵᠤ ᠡᠷᠭᠦᠭᠡᠳ

ᠮᠠᠳᠠᠭ ᠶᠢᠡᠨ ᠳᠡᠯᠭᠡᠵᠤ ᠪᠠᠷᠢᠳᠠᠭ

ᠬᠠᠶ‍ᠢᠭ ᠶᠢᠡᠨ ᠮᠠᠷᠳᠠᠵᠤ ᠣᠷᠭᠢᠭᠠᠤᠨ

ᠮᠠᠶ‍ᠢᠭ ᠶᠢᠡᠨ ᠣᠪᠣᠷᠯᠠᠵᠤ ᠪᠠᠷᠠᠳᠠᠭ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠨᠢᠯᠪᠣᠰᠤ ᠪᠠᠨ ᠰᠢᠭᠢᠷ ᠰᠢᠭ᠌ ᠳᠠᠮᠰᠢᠶᠠᠯᠠᠵᠤ

ᠨᠢᠳᠠᠷ ᠶᠢᠡᠨ ᠬᠠᠢ᠌ᠷ ᠰᠢᠭ ᠳᠠᠮᠳᠤᠭᠯᠠᠳᠠᠭ

ᠨᠢᠭᠤᠷ ᠶᠢᠡᠨ ᠭᠦᠭᠡᠰᠤ ᠰᠢᠭ᠌ ᠵᠠᠮᠬᠠᠷᠠᠭᠤᠯᠵᠤ

ᠨᠢᠳᠤᠷᠭ᠎ᠠ ᠪᠠᠨ ᠭᠦᠪᠦᠩ ᠰᠢᠭ᠌ ᠵᠠᠩᠭᠢᠤᠠᠳᠠᠭ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠵᠠᠭᠢᠳᠠᠯ ᠶᠢᠡᠨ ᠭᠢᠳᠠᠤᠨ ᠶᠢᠡᠷ ᠭᠠᠳᠠᠷᠯᠠᠵᠤ

ᠵᠠᠪᠰᠠᠷ ᠳᠤᠨᠢ ᠮᠤᠩᠭ᠋ᠤᠯ ᠶᠢᠡᠷ ᠭᠠᠴᠢᠭᠳᠠᠳᠠᠭ

ᠳᠤᠭᠯᠠᠬᠤ ᠮᠠᠰᠢᠨ ᠳᠤ ᠳᠤᠭᠤᠰᠤᠳᠠᠵᠤ

ᠳᠤᠬᠤᠮ ᠶᠢᠡᠨ ᠭᠦᠪᠢᠵᠤ ᠳᠠᠭᠤᠯᠠᠳᠠᠭ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠳᠠᠭᠠᠷᠢ ᠲᠡᠶ ᠭᠠᠭᠴᠠ ᠮᠤᠷᠢ ᠪᠠᠨ ᠠᠷᠭᠠᠮᠵᠢᠵᠤ

ᠰᠠᠭᠠᠷᠢ ᠲᠡᠶ ᠬᠤᠶᠠᠷ ᠭᠠᠷ ᠶᠢᠡᠨ ᠳᠤᠭᠳᠣᠢ᠌ᠯᠠᠵᠤ

ᠬᠠᠭᠤᠷᠠᠢ ᠥᠷᠭᠡᠨ ᠳᠠᠯ᠎ᠠ ᠪᠠᠨ ᠰᠢᠷᠳᠠᠵᠤ

ᠪᠠᠭᠤᠷᠠᠢ ᠦᠨᠦᠴᠢᠨ ᠵᠢᠷᠦᠭᠡ ᠪᠠᠨ ᠰᠢᠷᠬᠠᠳᠤᠭᠤᠯᠵᠤ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠪᠣᠷᠤᠭᠠᠨ ᠶᠢᠡᠨ ᠳᠡᠭ᠍ᠷᠢ ᠲᠡᠭᠡᠨ ᠨᠠᠢ᠌ᠳᠠᠵᠤ

ᠪᠣᠷᠬᠠᠨ ᠶᠢᠡᠨ ᠳᠤᠯᠤᠭᠠᠢ ᠳᠠᠭᠠᠨ ᠰᠢᠳᠤᠵᠤ

ᠣᠷᠭ᠎ᠠ ᠪᠠᠨ ᠣᠷᠬ᠎ᠠ ᠪᠠᠷ ᠣᠷᠤᠯᠠᠭᠤᠯᠵᠤ

ᠣᠬᠠᠭ᠎ᠠ ᠪᠠᠨ ᠪᠠᠯᠠᠷ ᠶᠢᠡᠷ ᠳᠤᠭᠤᠷᠢᠭᠤᠯᠳᠠᠭ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠣᠭᠠᠯᠵᠠᠨ ᠡᠮᠡᠭᠡᠯ ᠤᠨ ᠭᠠᠠᠵᠤᠭ᠎ᠠ ᠳᠡᠭᠡᠷ᠎ᠡ

ᠣᠬᠠᠭᠠᠨ ᠪᠣᠳᠤᠯ ᠤᠨ ᠳᠦᠷᠦᠭᠡᠨ ᠳᠡᠭᠡᠷ᠎ᠡ

ᠳᠤᠷᠭᠠᠨ ᠳᠠᠪᠠᠯ ᠤᠨ ᠵᠥᠢᠳᠡᠭᠡᠰᠤᠨ ᠳᠡᠭᠡᠷ᠎ᠡ

ᠳᠤᠰᠤᠳᠠᠢ ᠭᠢᠳᠤᠭᠠᠨ ᠤ ᠢᠷ ᠳᠡᠭᠡᠷ᠎ᠡ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠰᠦᠷᠳᠤ ᠳᠡᠭ᠍ᠷᠢ ᠶᠢᠨ ᠴᠠᠭᠢᠯᠭᠠᠨ ᠰᠢᠭ

ᠰᠥᠭᠡ ᠪᠠᠨ ᠦᠨᠳᠦᠷ ᠳᠠᠯᠠᠢ᠌ᠬᠤ

ᠴᠦᠯᠳᠤ ᠴᠢᠨ᠋ᠸ᠎ᠠ ᠶᠢᠨ ᠳᠠᠭᠠᠷᠢᠯᠭᠠᠨ ᠰᠢᠭ

ᠴᠦᠴᠠ ᠪᠠᠨ ᠭᠦᠨ ᠴᠤᠭᠢᠬᠤ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠶᠤᠷᠳᠤᠭᠠᠤᠨ ᠶᠠᠪᠣᠬᠤ ᠦᠭᠡᠶ

ᠶᠤᠷᠤᠯᠠᠭᠠᠤᠨ ᠥᠭᠦᠭᠦ ᠦᠭᠡᠶ

ᠶᠤᠪᠣᠷᠳᠠᠭᠠᠤᠨ ᠮᠡᠳᠡᠭᠦ ᠦᠭᠡᠶ

ᠶ‍ᠣᠢ᠌ᠯᠠᠭᠠᠤᠨ ᠴᠢᠳᠠᠬᠤ ᠦᠭᠡᠶ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠡᠯᠵᠢᠭᠡᠨ ᠳᠤ ᠳᠡᠢ᠌ᠷᠦᠭ᠍ᠳᠡᠨ ᠣᠢ᠌ᠴᠢᠭᠠᠤᠨ

ᠢᠨᠢᠶᠠᠵᠤ ᠪᠣᠰᠳᠠᠭ ᠮᠤᠩᠭ᠋ᠤᠯᠴᠤᠳ

ᠡᠳᠡᠭᠡᠳ ᠲᠤ ᠭᠦᠴᠤ ᠶᠠᠪᠣᠭᠠᠤᠨ

ᠢᠰᠭᠢᠷᠠᠵᠤ ᠪᠣᠴᠠᠳᠠᠭ ᠮᠤᠩᠭ᠋ᠤᠯᠴᠤᠳ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ

ᠭᠢᠶᠠᠨ ᠵᠤᠷᠢᠭ ᠶᠢᠡᠨ ᠣᠷᠭᠤᠭᠤᠯᠵᠤ

ᠭᠢᠩᠭ᠋᠎ᠠ ᠶᠢᠨ ᠨᠠᠷᠠᠰᠤ ᠰᠢᠭ ᠨᠤᠭᠤᠭᠠᠷᠠᠭᠤᠯᠤᠶᠤ

ᠭᠢᠳᠠᠯ ᠠᠪᠳᠠᠯ ᠶᠢᠡᠨ ᠴᠢᠩᠭ᠋ᠠᠷᠠᠭᠤᠯᠵᠤ

ᠭᠢᠷᠢ ᠪᠠᠨ ᠥᠭᠡᠳᠡ ᠳᠠᠳᠠᠶᠤ

ᠮᠢᠨᠤ ᠦᠪᠣᠷ ᠮᠤᠩᠭ᠋ᠤᠯ ᠊᠊᠊᠊᠊᠊᠊᠊᠊᠊᠊᠊᠊᠊᠊᠊᠊᠊᠊ ᠴᠤᠳ


2008.11.26

ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠪᠠᠢ·ᠠᠮᠤᠭᠤᠯᠠᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2992
ᠴᠠᠭ᠄ 2009 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ