☆ ᠭᠤ᠋·ᠠᠯᠮᠠᠰ
ᠳᠤᠷᠠᠯᠠᠯ ᠮᠢᠨᠢ
ᠡᠨᠡ ᠬᠠᠪᠣᠷ ᠤᠨ ᠠᠩᠬᠠᠨ ᠤ ᠪᠣᠷᠤᠭ᠎ᠠ ᠳᠠᠢ
ᠡᠷᠭᠢᠭᠡᠳ ᠨᠠᠳᠠ ᠳᠠᠭᠠᠨ ᠢᠷᠡᠭ᠍ᠰᠡᠨ ᠡᠮᠵᠡᠭ᠍ᠭᠡᠨ ᠳᠤᠷᠠᠯᠠᠯ ᠮᠢᠨᠢ
ᠡᠭᠢᠨ ᠤ ᠣᠳᠠᠰᠤ ᠶᠢ ᠢᠴᠢᠩᠭᠦᠢᠷᠡᠨ ᠳᠤᠰᠤᠭᠰᠠᠨ ᠥᠭᠡᠢ
ᠡᠷᠳᠡ ᠣᠷᠭᠤᠭᠰᠠᠨ ᠢᠷᠭᠤᠢ ᠰᠢᠭ ᠴᠡᠩᠭᠡᠷᠭᠡᠨ ᠳᠤᠷᠠᠯᠠᠯ ᠮᠢᠨᠢ
ᠡᠮᠵᠡᠭ᠌ ᠭᠡᠭᠦ ᠳᠤ ᠳᠡᠩᠳᠡᠭᠦᠤ ᠡᠮᠵᠡᠭ᠌
ᠬᠠᠢ᠌ᠯᠤᠭᠠᠤᠨ ᠣᠷᠤᠰᠤᠭᠰᠠᠨ ᠴᠠᠰᠤ ᠰᠢᠭ ᠳᠤᠷᠠᠯᠠᠯ ᠮᠢᠨᠢ
ᠡᠷᠳᠡ ᠭᠡᠭᠦ ᠳᠤ ᠳᠡᠩᠳᠡᠭᠦᠤ ᠡᠷᠳᠡ
ᠠᠮᠢᠳᠤᠷᠠᠯ ᠳᠠᠨᠢᠭ᠎ᠠ ᠦᠭᠡᠶ ᠳᠠᠪᠭᠢᠵᠤ ᠶᠠᠪᠣᠭᠰᠠᠨ ᠳᠤᠷᠠᠯᠠᠯ ᠮᠢᠨᠢ
ᠣᠳᠤ ᠳᠠᠭᠢᠵᠤ ᠠᠭᠤᠯᠵᠠᠬᠤ ᠳᠤ ᠴᠢᠷᠠᠢ ᠶᠢᠨ ᠴᠢᠨᠢ ᠰᠠᠢ᠌ᠬᠠᠨ ᠢ ᠶᠠᠭᠠᠭᠢᠨᠠᠮ ᠪᠣᠢ
ᠣᠷᠳᠤ ᠰᠦᠨᠢ ᠶᠢᠨ ᠪᠣᠳᠤᠯ ᠳᠤ ᠴᠠᠭ ᠬᠤᠭᠤᠴᠠᠭ᠎ᠠ ᠳᠤᠷᠠᠰᠤᠭᠳᠠᠬᠤ ᠶᠢ ᠶᠠᠭᠠᠭᠢᠨᠠᠮ ᠪᠣᠢ
ᠣᠳᠠᠭᠠᠨ ᠰᠠᠭᠤᠵᠤ ᠶᠠᠷᠢᠯᠴᠠᠬᠤ ᠳᠤ ᠰᠡᠳᠭᠢᠯ ᠤᠨ ᠴᠡᠯᠮᠡᠭ᠌ ᠢ ᠶᠠᠭᠠᠭᠢᠨᠠᠮ ᠪᠣᠢ
ᠠᠨᠢᠷ ᠦᠭᠡᠶ ᠶᠢᠨ ᠳᠤᠮᠳᠠ ᠬᠤᠶᠠᠭᠤᠯᠠ ᠳᠤᠭᠤᠢ ᠰᠠᠭᠤᠬᠤ ᠶᠢ ᠶᠠᠭᠠᠭᠢᠨᠠᠮ ᠪᠣᠢ᠃
2009.4.12 ᠠᠮᠤᠭᠤᠯᠠᠩ ᠳᠤ
ᠵᠤᠬᠢᠶᠠᠭᠴᠢ᠄ ᠭᠤ᠋·ᠠᠯᠮᠠᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2832
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ