☆ ᠪᠠ᠊·ᠤᠳᠬᠤᠠᠪᠠᠭᠠᠳᠤᠷ
ᠭᠦᠷᠭᠦ ᠰᠠᠨ
ᠬᠤᠪᠢ ᠢᠷᠦᠭᠡᠯ ᠦᠭᠡᠶ ᠴᠤ
ᠵᠠᠶᠠᠭ᠎ᠠ ᠪᠠᠨ ᠨᠢᠭᠡ ᠰᠢᠯᠭᠠᠬᠤ ᠰᠠᠨ
ᠬᠤᠠᠴᠢ ᠨᠠᠭᠤᠷ ᠨᠢ ᠰᠢᠷᠭᠢᠯᠠ ᠴᠤ
ᠰᠡᠳᠭᠢᠯ ᠶᠢᠡᠨ ᠨᠢᠭᠡ ᠬᠤᠵᠢᠷᠯᠠᠬᠤ ᠰᠠᠨ
ᠦᠨᠳᠦᠷ ᠬᠤᠷᠳᠤᠴᠠᠳᠤ 110 ᠵᠢᠠᠷ
ᠰᠠᠯᠭᠢ ᠰᠡᠮᠡᠷᠭᠡᠨ ᠥᠩᠭᠡᠷᠡᠭ᠍ᠰᠡᠨ ᠴᠤ ᠶᠤᠮ
ᠴᠡᠩᠭᠡᠷ ᠳᠤᠷᠭᠠᠨ ᠠᠯᠴᠢᠭᠤᠷ ᠴᠢᠨᠢ ᠳᠡᠭᠡᠭᠡᠳ
ᠨᠠᠮᠢᠷᠭᠠᠨ ᠶᠢᠡᠨ ᠥᠯᠡᠳᠡᠭᠡᠨ ᠬᠤᠴᠤᠷᠤᠭᠰᠠᠨ ᠴᠤ ᠶᠤᠮ
ᠣᠷᠠᠤᠨ ᠶᠢᠡᠷ ᠶᠠᠪᠣᠭᠰᠠᠨ ᠮᠦᠷ ᠢ ᠴᠢᠨᠢ
ᠮᠦᠷᠳᠠᠨ ᠪᠠᠢ᠌ᠵᠤ ᠴᠤ ᠣᠴᠢᠶ᠎ᠠ
ᠣᠷᠢᠳᠠ ᠶᠢᠨ ᠢᠷᠦᠭᠡᠯ ᠦᠭᠡᠶ ᠪᠠᠨ
ᠬᠠᠢ᠌ᠨ ᠪᠠᠢ᠌ᠵᠤ ᠴᠤ ᠭᠦᠷᠭᠦ ᠰᠠᠨ
ᠪᠣᠷᠤᠭᠤ ᠬᠠᠷᠠᠭᠰᠠᠨ ᠴᠢᠷᠠᠢ ᠶᠢ ᠴᠢᠨᠢ
ᠦᠵᠡᠵᠤ ᠬᠠᠨᠤᠭᠠᠤᠨ ᠴᠤ ᠡᠭᠡᠭᠦ ᠰᠠᠨ
ᠭᠠᠯᠪᠢᠷᠬᠠᠨ ᠵᠤ᠋ ᠨᠢᠷᠤᠭᠤ ᠪᠠᠷ ᠴᠢᠨᠢ
ᠦᠳᠡᠯᠳᠠ ᠪᠠᠨ ᠭᠦᠯᠢᠶᠡᠵᠤ ᠪᠣᠴᠠᠬᠤ ᠰᠠᠨ
ᠰᠡᠳᠭᠢᠯ ᠶᠢᠡᠷ ᠣᠠᠳᠤᠷᠠᠳᠠᠭ ᠬᠤᠷᠸ᠎ᠠ ᠳ᠋ᠤ
ᠴᠢᠮ᠎ᠠ ᠪᠠᠨ ᠥᠭᠡᠢ᠌ᠯᠡᠵᠤ ᠣᠴᠢᠶ᠎ᠠ
ᠵᠠᠮ ᠤᠨ ᠳᠡᠭᠡᠭ᠌ ᠬᠠᠶᠠᠭ᠎ᠠ ᠥᠭᠡᠢ
ᠮᠦᠷᠦᠭᠡᠳᠤᠨ ᠪᠠᠢ᠌ᠵᠤ ᠨᠠᠰᠤᠵᠢᠶᠠ
ᠠᠯᠠᠭᠠᠨ ᠳᠤ ᠪᠠᠨ ᠡᠩᠭᠦᠷᠡᠢ ᠳᠡᠭᠦᠤ ᠪᠠᠨ
ᠠᠮᠢ ᠰᠢᠭ ᠶᠢᠡᠨ ᠳᠡᠭᠡᠳᠦᠯᠡᠶ᠎ᠡ
ᠠᠯᠢ ᠭᠡᠵᠢᠶ᠎ᠡ ᠦᠶ᠎ᠡ ᠳᠤ ᠴᠤ
ᠬᠠᠷᠠᠮᠰᠠᠯ ᠦᠭᠡᠶ ᠬᠠᠢ᠌ᠷᠠᠯᠠᠶ᠎ᠠ
ᠳᠡᠩᠳᠡᠭᠦᠤ ᠠᠭᠠᠰᠢᠯᠠᠭᠰᠠᠨ ᠠᠬ᠎ᠠ ᠶᠢ ᠪᠠᠨ
ᠳᠤᠳᠤᠷ᠎ᠠ ᠪᠠᠨ ᠣᠷᠤᠭᠤᠯ ᠦᠭᠡᠶ ᠠᠭᠤᠴᠢᠯᠠ ᠳ᠋ᠠ
ᠳᠠᠩᠴᠤ ᠬᠤᠯᠠ ᠶᠢᠨ ᠳᠤᠷᠠᠯᠠᠯ ᠢ ᠮᠢᠨᠢ
ᠳᠡᠭ᠍ᠷᠢ ᠶᠢᠨ ᠬᠠᠶᠠᠭ᠎ᠠ ᠪᠠᠷ ᠣᠷᠭᠢ ᠳ᠋ᠠ
ᠰᠠᠢ᠌ᠬᠠᠨ ᠰᠠᠢ᠌ᠬᠠᠨ ᠠᠵᠠ
ᠴᠢᠮ᠎ᠠ ᠡᠴᠠ ᠤᠢ᠌ᠷᠬᠠᠨ ᠪᠠᠢ᠌ᠭ ᠡ
ᠴᠡᠴᠡᠭ᠍ᠳᠤ ᠨᠤᠮᠢᠨ ᠪᠠᠢ᠌ᠭᠠᠯᠢ ᠳᠤ ᠪᠠᠨ
ᠵᠠᠯᠠᠭᠤ ᠪᠠᠷ ᠨᠢ ᠪᠠᠢ᠌ᠯᠭᠠᠵᠤ ᠳᠤᠷᠠᠰᠤᠶ᠎ᠠ ︕
2012 .02 .05
(ᠣᠷᠠᠤᠨ ᠶᠢᠡᠷ ᠢᠷᠠᠯ᠎ᠠ ᠭᠡᠭᠦ ᠪᠠᠷ᠂ ᠵᠠᠮ ᠳᠤᠰᠴᠤ ᠬᠠᠳᠠᠭ ᠳᠠᠳᠠᠯ᠎ᠠ ᠁
ᠵᠠᠮ ᠤᠨ ᠣᠷᠳᠤ ᠳᠤ ᠮᠠᠠᠳᠤ ᠶᠢ ᠨᠢ ᠵᠦᠩᠨᠠᠶ᠎ᠠ)
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2657
ᠴᠠᠭ᠄ 2012 ᠤᠨ ᠤ 02 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ