☆ ᠪᠠᠶᠠᠠᠴᠠᠭᠠᠨ
ᠪᠣᠷᠤᠭᠠᠨ ᠣᠷᠤᠭᠠᠰᠠᠢ
ᠪᠣᠷᠤᠭᠠᠨ ᠣᠷᠤᠭᠠᠰᠠᠢ︕
ᠪᠣᠳᠤᠯ ᠰᠡᠳᠭᠢᠯ ᠤᠨ ᠮᠢᠨᠢ ᠭᠠᠩᠳᠠᠯ ᠢ᠂
ᠪᠣᠷᠤᠬᠠᠨ ᠮᠤᠩᠭ᠋ᠤᠯ ᠨᠤᠳᠤᠭ ᠤᠨ ᠮᠢᠨᠢ
ᠭᠠᠩᠳᠠᠯ ᠢ ᠳᠠᠢ᠌ᠯᠠᠭᠠᠰᠠᠢ᠃
ᠪᠣᠷᠤᠭᠠᠨ ᠣᠷᠤᠭᠠᠰᠠᠢ᠂
ᠭᠦᠯᠢᠶᠡᠭ᠍ᠰᠡᠨ ᠰᠡᠳᠭᠢᠯ ᠢ ᠮᠢᠨᠢ ᠨᠠᠪᠳᠠᠷᠠᠳᠠᠯ᠎ᠠ᠂
ᠭᠦᠳᠡᠭᠡ ᠶᠢᠨ ᠪᠠᠯᠴᠢᠭᠡᠷ ᠢ ᠰᠡᠷᠭᠦᠳᠡᠯ᠎ᠡ
ᠭᠦᠷᠦᠰᠦᠳᠤ ᠭᠠᠵᠠᠷ ᠢ ᠬᠠᠨᠤᠳᠠᠯ᠎ᠠ᠂
ᠪᠣᠷᠤᠭᠠᠨ᠂ ᠪᠣᠷᠤᠭᠠᠨ ᠣᠷᠤᠭᠠᠰᠠᠢ᠂
ᠳᠠᠩᠳᠠᠨ ᠪᠣᠷᠤᠭᠠᠨ ᠣᠷᠤᠭᠠᠰᠠᠢ ︕
ᠳᠠᠩᠴᠤ ᠭᠠᠩᠳᠠᠭᠰᠠᠨ
ᠳᠠᠯ᠎ᠠ ᠶᠢ ᠰᠡᠷᠭᠦᠭᠡᠵᠤ᠂
ᠳᠠᠩᠳᠠᠨ ᠬᠤᠷᠢᠭᠳᠠᠵᠤ ᠪᠠᠢ᠌ᠭ᠎ᠠ
ᠮᠠᠯ ᠢ ᠮᠢᠨᠢ 《ᠴᠢᠯᠦᠭᠡᠯᠡᠵᠤ》᠂
ᠳᠠᠭᠠᠭᠠᠴᠠ ᠲᠡᠶ ᠪᠣᠷᠤᠭᠠᠨ ᠣᠷᠤᠭᠠᠰᠠᠢ᠃
ᠪᠣᠷᠤᠭᠠᠨ ᠣᠷᠤᠭᠠᠰᠠᠢ︕
ᠳᠡᠭᠡᠷ᠎ᠡ ᠳᠤᠤᠷ᠎ᠠ ᠣᠰᠤ ᠶᠢ ᠨᠠᠢ᠌ᠯᠠᠳᠠᠯ᠎ᠠ᠂
ᠳᠡᠷᠭᠡᠳᠡᠭᠦ ᠪᠦᠭᠦᠨ ᠢ ᠨᠠᠪᠳᠠᠷᠠᠳᠠᠯ᠎ᠠ᠂
ᠳᠦᠷᠦᠭᠡ ᠰᠢᠭᠦᠷᠡᠮ᠎ᠡ ᠡᠪᠠᠰᠤ ᠣᠷᠭᠤᠳᠠᠯ᠎ᠠ
ᠪᠣᠷᠤᠭᠠᠨ᠂ ᠪᠣᠷᠤᠭᠠᠨ ᠣᠷᠤᠭᠠᠰᠠᠢ︕
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ
ᠵᠤᠬᠢᠶᠠᠭᠴᠢ᠄ ᠪᠠᠶᠠᠠᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 04 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ