ᠨᠡᠪᠲᠡᠷᠡᠨ ᠤᠷᠤᠬᠤ
ᠮᠢᠨᠤ ᠬᠤᠷᠢᠨ ᠨᠢᠭᠡᠨ ᠨᠠᠰᠤ

ᠬᠤᠷᠸ᠎ᠠ ᠶᠢ ᠨᠢᠯᠬ᠎ᠠ ᠶᠢᠨ ᠳᠠᠭᠤᠨ ᠶᠢᠡᠷ ᠰᠤᠴᠢᠭᠠᠨ

ᠬᠤᠨᠤᠭ ᠡᠳᠦᠷ ᠢ ᠨᠠᠷᠠᠨ ᠰᠠᠷᠠᠨ ᠶᠢᠡᠷ ᠵᠢᠷᠭᠠᠭᠤᠯᠵᠤ᠂ 

ᠬᠤᠶᠠᠷ ᠵᠠᠭᠤᠨ ᠤ ᠭᠦᠰᠡᠯ ᠮᠦᠷᠦᠭᠡᠳᠦᠯ ᠴᠠᠯᠭᠢᠯᠤᠭᠰᠠᠨ

ᠬᠤᠪᠣᠷᠬᠠᠨ ᠣᠯᠳᠠᠭᠰᠠᠨ ᠬᠤᠷᠢᠨ ᠨᠢᠭᠡᠨ ᠨᠠᠰᠤ ᠮᠢᠨᠢ︕       

ᠬᠤᠨᠢ ᠰᠢᠭ ᠨᠤᠮᠤᠬᠠᠨ ᠠᠷᠠᠠᠰᠢᠨ ᠶᠢᠡᠷ ᠠᠮᠢᠳᠤᠷᠠᠯ ᠳᠤ ᠵᠢᠷᠭᠢᠵᠤ

ᠬᠤᠳᠠᠯᠠ ᠣᠯᠠᠨ ᠤ ᠰᠡᠳᠭᠢᠯ ᠤᠨ ᠰᠠᠷᠵᠢᠮ ᠶᠢᠡᠷ ᠱᠠᠩᠨᠠᠭᠤᠯᠤᠨ    

ᠬᠤᠳᠠᠯ ᠦᠨᠡᠨ ᠤ ᠭᠢᠯᠢ ᠠᠷᠭᠠᠳᠠᠨ    

ᠬᠤᠤᠰ ᠦᠭᠡᠶ ᠵᠢᠷᠭᠠᠯᠳᠠᠢ ᠣᠬᠠᠭᠠᠨ ᠨᠠᠰᠤ ᠮᠢᠨᠢ    

    ᠮᠢᠨᠤ ᠬᠤᠷᠢᠨ ᠨᠢᠭᠡᠨ ᠨᠠᠰᠤ    

    ᠬᠤᠷᠢᠨ ᠨᠢᠭᠡᠳᠦᠭᠡᠷ ᠵᠠᠭᠤᠨ ᠤ ᠡᠵᠡᠨ ᠨᠠᠰᠤ︕       

ᠬᠡᠦᠬᠡᠳ ᠨᠠᠰᠤᠨ ᠤ ᠬᠦᠩᠭᠡᠨ ᠪᠠᠶᠠᠷ ᠭᠤᠨᠢᠭ ᠤᠳ    

ᠭᠡᠵᠢᠶ᠎ᠡ ᠬᠣᠢ᠌ᠨ᠎ᠠ ᠨᠢ ᠳᠤᠷᠠᠰᠤᠯ ᠪᠣᠯᠤᠨ ᠬᠤᠴᠤᠷᠠᠬᠤ ᠪᠠᠷ    

ᠭᠡᠨ ᠳᠤ ᠴᠤ ᠣᠴᠠᠷᠠᠬᠤ ᠠᠵᠠᠳᠠᠢ ᠡᠨᠡ ᠨᠠᠰᠤ ᠪᠠᠨ    

ᠭᠡᠷᠰᠡᠤ ᠣᠬᠠᠭᠠᠨ ᠤ ᠨᠠᠷᠠᠨ ᠳᠤᠯᠢ ᠪᠠᠷ ᠳᠤᠯᠢᠳᠠᠶ᠎ᠠ︕       

ᠠᠩᠬᠠᠨ ᠤ ᠳᠤᠷᠠᠯᠠᠯ ᠲᠡᠶ ᠦᠬᠢᠨ ᠴᠢᠨᠤ ᠲᠦᠯᠦᠭᠡ    

ᠠᠷᠪᠠᠨ ᠳᠠᠪᠤᠨ ᠤ ᠰᠠᠷᠠᠨ ᠡᠴᠡ ᠴᠤ ᠭᠡᠷᠡᠯ ᠨᠡᠭᠡᠵᠤ    

ᠠᠮᠢᠳᠤᠷᠠᠯ ᠤᠨ ᠳᠠᠪᠠᠭᠠᠨ ᠤ ᠵᠢᠷᠭᠠᠯ ᠭᠤᠨᠢᠭ ᠬᠤᠶᠠᠷ ᠢ    

ᠠᠷᠢᠭᠢ ᠲᠡᠶ ᠠᠳᠠᠯᠢ ᠳᠠᠩᠳᠠ ᠪᠠᠯᠭᠤᠳᠠᠭ ᠰᠠᠨ᠃       

    ᠮᠢᠨᠤ ᠬᠤᠷᠢᠨ ᠨᠢᠭᠡᠨ ᠨᠠᠰᠤ    

    ᠬᠤᠷᠢᠨ ᠨᠢᠭᠡᠳᠦᠭᠡᠷ ᠵᠠᠭᠤᠨ ᠤ ᠡᠵᠡᠨ ᠨᠠᠰᠤ︕       

ᠬᠠᠢ᠌ᠷ᠎ᠠ ᠶᠢᠨ ᠪᠣᠷᠤᠭᠠᠨ ᠳᠡᠭᠡᠪᠦᠷ ᠪᠦᠮᠪᠦᠷᠢᠨ ᠱᠠᠵᠢᠭᠢᠨᠠᠬᠤ ᠳ᠋ᠤ    

ᠬᠠᠢ᠌ᠷᠠᠳᠤ ᠴᠢ ᠮᠢᠨᠢ ᠵᠡᠭᠦᠳᠤᠨ ᠳᠤ ᠳᠠᠩᠳᠠ ᠪᠠᠨ ᠢᠷᠠᠨ᠎ᠡ    

ᠬᠠᠷᠠᠩᠭ᠋ᠤᠢ ᠰᠦᠨᠢ ᠶᠢᠨ ᠪᠦᠷᠭᠦᠭ᠌ ᠡᠭᠦᠯᠡᠨ ᠳᠤᠮᠳᠠ ᠡᠴᠡ ᠴᠤ    

ᠬᠠᠨᠢ ᠶᠢᠨ ᠵᠠᠶᠠᠭ᠎ᠠ ᠭᠡᠵᠤ ᠳᠡᠭ᠍ᠷᠢ ᠡᠴᠡ ᠪᠢ ᠣᠳᠤᠳ ᠨᠡᠭᠡᠨ᠎ᠡ    

ᠨᠠᠢ᠌ᠳᠠ ᠬᠤᠪᠢ ᠶᠢᠨ ᠶᠠᠪᠣᠳᠠᠯ ᠢ    

ᠨᠡᠢ᠌ᠯᠡᠭᠦᠯᠵᠤ ᠳᠠᠩᠳᠠ ᠶᠠᠭᠠᠷᠠᠬᠤ ᠳ᠋ᠠᠭᠠᠨ    

ᠨᠡᠢ᠌ᠭᠡᠮ ᠵᠢᠷᠤᠮ ᠤᠨ ᠵᠠᠮ ᠢ ᠬᠠᠷ᠎ᠠ ᠴᠠᠭᠠᠨ ᠢ ᠠᠩᠬ᠎ᠠ ᠭᠢᠰᠭᠢᠨ    

ᠨᠠᠢ᠌ᠷ ᠤᠨ ᠰᠢᠷᠡᠭᠡᠨ ᠤ ᠡᠳᠦᠷᠯᠢᠭ᠌ ᠤᠳ ᠵᠢᠠᠷ    

ᠨᠠᠷᠭᠢᠵᠤ ᠵᠢᠷᠭᠠᠵᠤ ᠶᠠᠪᠣᠯ᠎ᠠ ᠳ᠋ᠠ᠃       

    ᠮᠢᠨᠤ ᠬᠤᠷᠢᠨ ᠨᠢᠭᠡᠨ ᠨᠠᠰᠤ    

    ᠬᠤᠷᠢᠨ ᠨᠢᠭᠡᠳᠦᠭᠡᠷ ᠵᠠᠭᠤᠨ ᠤ ᠡᠵᠡᠨ ᠨᠠᠰᠤ︕       

ᠠᠪᠣ ᠶᠢᠨ ᠵᠠᠯᠠᠭᠤ ᠶᠢᠨ ᠣᠮᠤᠭᠯᠠᠩ ᠢ    

ᠠᠷᠭ᠎ᠠ ᠦᠭᠡᠶ ᠭᠡᠪ ᠶᠢᠡᠷ ᠨᠢ ᠳᠠᠪᠳᠠᠬᠤ ᠳ᠋ᠠᠭᠠᠨ    

ᠠᠮᠢᠳᠤᠷᠠᠵᠤ ᠢᠷᠡᠭ᠍ᠰᠡᠨ ᠬᠤᠷᠢᠨ ᠨᠢᠭᠡᠨ ᠳᠤᠭᠠᠯᠠᠩ ᠳ᠋ᠠᠭᠠᠨ    

ᠠᠷᠭᠠᠯ ᠠᠯᠳᠠ ᠶᠢ ᠠᠳᠠᠯᠢᠬᠠᠨ ᠳᠡᠭᠡᠵᠢᠯᠡᠭ᠍ᠰᠡᠨ ᠰᠠᠨ᠃       

ᠭᠦᠢ ᠳᠠᠮᠵᠢᠭᠤᠯᠬᠤ ᠵᠥᠭᠡᠯᠡᠨ ᠴᠠᠭᠠᠨ ᠰᠠᠯᠭᠢᠨ ᠳ᠋ᠤ    

ᠭᠦᠳᠡᠭᠡ ᠳᠠᠯ᠎ᠠ ᠶᠢᠨ ᠳᠠᠷᠠᠰᠤᠨ ᠨᠠᠮᠠᠭ᠎ᠠ ᠭᠠᠩᠬᠤᠨ᠎ᠠ᠃       

ᠭᠦᠭᠡ ᠪᠠᠭᠤᠴᠠᠨ ᠤ ᠭᠠᠯ ᠳᠤᠯᠭᠠᠨ ᠡᠴᠡ    

ᠬᠦᠷᠡᠯ‍ᠤ᠋ᠨᠢᠰᠤ ᠮᠢᠨᠤ ᠵᠤᠷᠢᠭ ᠣᠷᠭᠤᠨ᠎ᠠ᠃       

ᠭᠦᠮᠤᠨ ᠨᠠᠷ᠎ᠠ ᠶᠢ ᠳᠡᠯᠡᠭᠡᠢ ᠵᠥᠭ᠌ ᠡᠷᠭᠦᠭᠦ ᠭᠡᠮᠡᠨ    

ᠭᠦᠰᠡᠯ ᠪᠣᠳᠤᠯ ᠳᠡᠭ᠍ᠷᠢ ᠰᠢᠭ ᠣᠷᠭᠤᠨ᠎ᠠ᠃       

    ᠮᠢᠨᠤ ᠬᠤᠷᠢᠨ ᠨᠢᠭᠡᠨ ᠨᠠᠰᠤ    

    ᠬᠤᠷᠢᠨ ᠨᠢᠭᠡᠳᠦᠭᠡᠷ ᠵᠠᠭᠤᠨ ᠤ ᠡᠵᠡᠨ ᠨᠠᠰᠤ︕       

    


                ᠴᠠᠭᠠᠨ ᠪᠠᠷᠠᠰ ᠵᠢᠯ ᠤᠨ ᠡᠪᠦᠯ ᠶᠢᠨ ᠡᠭᠢᠨ ᠰᠠᠷ᠎ᠠ    

                   ᠬᠦᠬᠡᠬᠤᠲᠠᠨ᠎ᠡ᠃       

  

  

ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠶᠢᠨ 2009 ᠣᠨ ᠤ ᠰᠤᠷᠪᠣᠯᠵᠢᠯᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2629
ᠴᠠᠭ᠄ 2011 ᠤᠨ ᠤ 03 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ