ᠨᠡᠪᠲᠡᠷᠡᠨ ᠤᠷᠤᠬᠤ
ᠴᠠᠢ

ᠴᠠᠭ ᠮᠦᠴᠡ ᠬᠤᠭᠤᠴᠠᠭᠳᠠᠨ ᠬᠤᠭᠤᠴᠠᠭᠳᠠᠭᠰᠠᠭᠠᠷ ᠡᠴᠡᠩᠭᠡᠢ ᠪᠢᠳᠠ ᠬᠤᠶᠠᠷ ᠢ ᠴᠤ ᠳᠦᠴᠢᠨ ᠨᠠᠰᠤᠨ ᠤ ᠡᠭᠦᠳᠡ ᠪᠠᠷ ᠠᠯᠬᠤᠭᠤᠯᠴᠢᠬᠠᠯ᠎ᠠ᠃

ᠳᠦᠴᠢᠨ ᠨᠠᠰᠤᠨ ᠤ ᠴᠡᠴᠡᠭ᠍ᠳᠤ ᠣᠯᠠᠷᠢᠯ ᠳᠤ ᠪᠠᠨ ᠪᠢ ᠡᠴᠡᠩᠭᠡᠢ ᠲᠡᠶ ᠳᠠᠭᠢᠨ ᠣᠴᠠᠷᠠᠬᠤ ᠳᠤ ᠳᠠᠷᠠ ᠮᠢᠨᠢ ᠮᠦᠨ ᠯᠠ ᠬᠤᠷᠢᠨ ᠨᠠᠰᠤᠨ ᠤ ᠪᠠᠨ ᠰᠢᠭ ᠳᠠᠢ᠌ᠮᠤ ᠡᠴᠡᠩᠭᠡᠢ ᠭᠡᠪ ᠶᠢᠡᠷ ᠶᠢᠡᠨ ᠪᠠᠢ᠌ᠯ᠎ᠠ᠃ ᠭᠠᠭᠴᠠ ᠬᠤᠷᠴᠠ ᠰᠡᠷᠭᠦᠯᠡᠩ ᠣᠬᠠᠭᠠᠨ᠂ ᠮᠤᠵᠢᠭᠤᠳᠠ ᠭᠠᠵᠢᠭᠤ ᠵᠠᠩ ᠨᠢ ᠣᠯᠠᠮ ᠯᠠ ᠪᠠᠳᠤᠵᠢᠭᠠᠤᠨ ᠳᠠᠮᠠᠭᠢ ᠶᠡᠭᠡ ᠳᠠᠳᠠᠬᠤ ᠪᠣᠯᠤᠭᠰᠠᠨ ᠪᠠᠢ᠌ᠪᠠ᠃ ᠶᠠᠮᠠᠷ ᠪᠠᠢ᠌ᠯ᠎ᠠ ᠴᠤ ᠳᠠᠷᠠ ᠮᠢᠨᠤ ᠰᠡᠳᠭᠢᠯ ᠵᠢᠷᠦᠭᠡᠨ ᠳᠤ ᠬᠠᠳᠠᠭᠠᠯᠠᠭᠳᠠᠭᠰᠠᠨ ᠶᠠᠩᠵᠤ ᠪᠠᠷ ᠶᠢᠡᠨ᠃ ᠭᠦᠮᠤᠨ ᠭᠦᠮᠤᠨ ᠤ ᠪᠠᠨ ᠰᠠᠢ᠌ᠬᠠᠨ ᠳᠦᠷᠢ ᠠᠷᠠᠠᠰᠢᠨ ᠢ ᠰᠢᠳᠤᠵᠤ ᠶᠠᠪᠣᠬᠤ ᠰᠠᠢ᠌ᠬᠠᠨ᠂ ᠳᠠᠷᠠ ᠨᠢ ᠴᠢᠮ᠎ᠠ ᠶᠢ ᠭᠡᠵᠢᠶ᠎ᠡ ᠬᠠᠮᠢᠭ᠎ᠠ ᠴᠤ ᠵᠢᠪᠬᠤᠭᠠᠵᠢᠭᠤᠯᠵᠤ ᠥᠭᠡᠳᠡ ᠳᠠᠳᠠᠵᠤ ᠪᠠᠢ᠌ᠳᠠᠭ᠃

ᠡᠴᠡᠩᠭᠡᠢ ᠲᠡᠶ ᠳᠠᠨᠢᠯᠴᠠᠵᠤ ᠳᠠᠰᠤᠯᠴᠠᠵᠤ ᠰᠠᠯᠤᠯᠴᠠᠭᠰᠠᠨ ᠮᠠᠨᠢ ᠡᠷᠳᠡ ᠦᠶ᠎ᠡ ᠶᠢᠨ ᠵᠤᠭᠤᠭ ᠪᠣᠯᠤᠨ ᠬᠠᠭᠤᠴᠢᠷᠠᠵᠠᠢ᠃ ᠭᠡᠪᠠᠴᠤ ᠪᠢᠳᠠ ᠬᠤᠶᠠᠷ ᠲᠤ ᠠᠪᠴᠤ ᠭᠡᠯᠡᠪᠠᠯ ᠭᠡᠵᠢᠶᠡᠳᠡ ᠬᠠᠭᠤᠴᠢᠷᠠᠰᠢ ᠦᠭᠡᠶ ᠳᠤᠷᠠᠰᠤᠯ ᠪᠠᠢ᠌ᠭᠰᠠᠨ ᠢ ᠦᠨᠦᠳᠤᠷ ᠤᠨ ᠠᠭᠤᠯᠵᠠᠯᠳᠠ ᠭᠡᠷᠡᠴᠢᠯᠡᠭ᠍ᠰᠡᠨ ᠶᠤᠮ᠃ ᠵᠠᠯᠠᠭᠤ ᠨᠠᠰᠤᠨ ᠤ ᠊ᠭ᠍‍ᠬᠢᠷᠳᠦᠵᠤ ᠪᠣᠯᠤᠰᠢ ᠦᠭᠡᠶ ᠠᠩᠬᠠᠨ ᠤ ᠬᠠᠢ᠌ᠷ᠎ᠠ ᠶᠢ ᠪᠠᠶ᠎ᠠ ᠪᠠᠶ᠎ᠠ ᠡᠴᠡ ᠪᠠᠨ ᠢᠴᠢᠮᠡᠭ‍ᠭᠡᠨ ᠭᠦᠷᠳᠡᠵᠤ ᠳᠠᠭᠢᠨ ᠪᠠᠶ᠎ᠠ ᠪᠠᠶ᠎ᠠ ᠳᠤ ᠪᠠᠨ ᠬᠠᠷᠠᠮᠨᠠᠯ ᠦᠭᠡᠶ ᠭᠦᠷᠳᠡᠭᠡᠵᠤ ᠶᠠᠪᠣᠬᠤ ᠶᠢᠨ ᠰᠠᠢ᠌ᠬᠠᠨ ᠳᠤ ᠵᠢᠷᠭᠠᠵᠤ ᠪᠠᠢ᠌ᠯ᠎ᠠ ᠴᠤ ᠭᠡᠪᠠᠷᠡᠭ᠌ ᠨᠥᠮᠵᠦᠭ᠌ ᠢ ᠨᠢ ᠪᠣᠯᠭᠤᠭᠠᠯ ᠦᠭᠡᠶ ᠭᠡᠨᠡᠨ ᠶᠠᠪᠣᠭᠰᠠᠨ ᠶᠢᠡᠨ ᠬᠤᠶᠠᠭᠤᠯᠠ ᠭᠡᠨᠡᠳᠲᠡ ᠣᠬᠠᠭᠠᠷᠠᠬᠤ ᠳᠤ ᠨᠢᠭᠡᠨᠲᠡ ᠣᠷᠣᠢ᠌ᠳᠠᠴᠢᠬᠠᠭᠰᠠᠨ ᠪᠠᠢ᠌ᠬᠤ ᠶᠢ ᠭᠡᠨ ᠨᠢ ᠴᠤ ᠠᠷᠭ᠎ᠠ ᠶᠠᠳᠠᠨ ᠵᠥᠪᠰᠢᠶᠡᠷᠡᠭᠦ ᠦᠭᠡᠶ ᠪᠠᠢ᠌ᠵᠤ ᠴᠢᠳᠠᠭᠰᠠᠨ ᠦᠭᠡᠶ ᠳ᠋ᠠ᠃ ᠳᠠᠷᠠ ᠦᠶ᠎ᠡ ᠳᠤ᠃ ᠳᠡᠭᠡᠭᠦ ᠳᠤ ᠪᠢ ᠡᠴᠡᠩᠭᠡᠢ ᠪᠠᠨ ᠳᠤᠩ ᠭᠦᠡᠳᠤ ᠰᠢᠷᠬᠠᠯᠠᠭᠤᠯᠤᠭᠰᠠᠨ ᠰᠢᠤ ᠳ᠋ᠠ︕ ᠭᠦᠮᠤᠨ ᠤ ᠰᠡᠳᠭᠢᠯ ᠳᠤ ᠡᠳᠡᠭᠡᠷᠡᠰᠢ ᠦᠭᠡᠶ ᠭᠦᠡᠳᠤ ᠰᠤᠷᠪᠢ ᠳᠤᠭᠳᠠᠳᠠᠭ ᠢ ᠠᠯᠢ ᠬᠤᠵᠢᠮ ᠨᠢ ᠭᠦᠮᠤᠨ ᠤ ᠣᠬᠠᠭᠠᠨ ᠵᠤᠵᠠᠭᠠᠷᠠᠭᠠᠤᠨ ᠢᠷᠡᠭᠦ ᠳᠤ ᠰᠠ‍‌ᠶᠢ ᠮᠡᠳᠡᠭ᠍ᠰᠡᠨ ᠶᠤᠮ᠂ ᠪᠢ᠃ ᠢᠩᠭᠢᠭᠦ ᠪᠠᠷ ᠬᠤᠵᠢᠮ ᠨᠢ ᠨᠠᠳᠠᠳᠤ ᠡᠴᠡᠩᠭᠡᠢ ᠪᠠᠨ ᠰᠡᠳᠭᠢᠯ ᠡᠴᠡ ᠪᠠᠨ ᠡᠵᠡᠭᠦᠢᠷᠡᠭᠦᠯᠵᠤ ᠬᠠᠶᠠᠬᠤ ᠡᠷᠭᠡ ᠣᠯᠠᠮ ᠦᠭᠡᠶ ᠪᠣᠯᠵᠠᠢ᠃ ᠡᠳᠦᠷ ᠬᠤᠨᠤᠭ ᠭᠡᠳᠦᠢ ᠡᠯᠡᠭ᠍ᠳᠡᠵᠤ ᠬᠤᠷᠤᠭᠳᠠᠭᠰᠠᠨ ᠴᠤ ᠳᠡᠭᠦᠨ ᠢ ᠰᠠᠨᠠᠭᠠᠯᠵᠠᠬᠤ ᠰᠡᠳᠭᠢᠯ ᠦᠴᠦᠭᠡᠨ ᠴᠤ ᠨᠢᠮᠭᠡᠷᠡᠭ᠍ᠰᠡᠨ ᠦᠭᠡᠶ ᠭᠡᠳᠡᠭ᠌ ᠢ ᠪᠢ ᠳᠡᠯᠡᠭᠡᠢ ᠪᠠᠷ ᠳᠤᠩᠬᠠᠭᠯᠠᠯᠳᠠᠢ ᠴᠤ ᠪᠢᠰᠢ᠃ ᠳᠠᠷᠠ ᠦᠶ᠎ᠡ ᠳᠤ ᠰᠠᠯᠤᠯᠴᠠᠭᠠᠤᠨ ᠣᠳᠠᠭᠰᠠᠨ ᠦᠭᠡᠶ ᠡᠴᠡᠩᠭᠡᠢ ᠶᠢᠨ ᠶᠢᠡᠨ ᠬᠠᠢ᠌ᠷ᠎ᠠ ᠶᠢᠨ ᠳᠤᠯᠠᠭᠠᠨ ᠭᠡᠷ ᠪᠦᠯᠢ ᠲᠡᠶ ᠪᠣᠯᠵᠠᠢ ᠭᠡᠭᠦ ᠬᠠᠯᠠᠭᠤᠨ ᠴᠢᠮᠡᠭᠡ ᠶᠢ ᠳᠤᠭᠤᠯᠬᠤ ᠬᠤᠷᠤᠮ ᠪᠢ ᠳᠦᠩᠭᠡᠵᠢ ᠠᠵᠢᠯ ᠡᠴᠡ ᠪᠠᠨ ᠠᠮᠠᠷᠠᠬᠤ ᠴᠠᠭ ᠪᠣᠯᠬᠤ ᠪᠠᠷ ᠵᠠᠮ ᠤᠨ ᠬᠠᠨᠢ ᠪᠠᠨ ᠴᠤ ᠭᠦᠯᠢᠶᠡᠯ ᠦᠭᠡᠶ ᠭᠡᠷ ᠥᠭᠡᠳᠡ ᠪᠠᠨ ᠭᠠᠭᠴᠠᠭᠠᠷ ᠪᠣᠴᠠᠭᠰᠠᠨ ᠶᠤᠮ᠃ ᠳᠠᠷᠠ ᠡᠳᠦᠷ ᠤᠨ ᠵᠠᠮ ᠳᠤᠩ ᠣᠬᠤᠷ ᠪᠠᠢ᠌ᠪᠠ᠃

ᠡᠴᠡᠩᠭᠡᠢ ᠲᠡᠶ ᠪᠢ ᠬᠠᠮᠳᠤ ᠰᠤᠷᠤᠭᠴᠢ ᠶᠢᠨ ᠬᠤᠪᠢ ᠪᠠᠷ ᠳᠠᠨᠢᠯᠴᠠᠵᠤ᠂ ᠬᠠᠢ᠌ᠷᠠᠯᠠᠵᠤ ᠰᠠᠨᠠᠬᠤ ᠶᠢᠨ ᠡᠷᠭᠡ ᠪᠠᠷ ᠢᠨᠠᠭᠰᠢᠨ᠂ ᠭᠡᠨᠡᠨ ᠨᠠᠰᠤᠨ ᠤ ᠴᠠᠯᠠᠭᠠᠢ᠌ᠳᠠᠯ ᠶᠢᠡᠷ ᠰᠠᠯᠤᠯᠴᠠᠵᠤ ᠦᠨᠦᠳᠤᠷ ᠳᠠᠭᠢᠨ ᠠᠭᠤᠯᠵᠠᠬᠤ ᠶᠢᠨ ᠢᠷᠦᠭᠡᠯ ᠶᠢᠡᠷ ᠵᠤᠯᠭᠠᠯ᠎ᠠ᠃ ᠳᠠᠭᠢᠨ ᠵᠤᠯᠭᠠᠬᠤ ᠳᠤ ᠡᠴᠡᠩᠭᠡᠢ ᠮᠨᠢ ᠳᠤᠩ ᠴᠤ ᠳᠤᠭᠳᠤᠯᠵᠤ ᠪᠠᠢ᠌ᠪᠠ᠃ 《ᠳᠠᠪᠠᠷᠢᠵᠤ ᠦᠨᠦᠰᠤᠨ ᠵᠤᠯᠭᠠᠬᠤ ᠦᠦ︖ ᠴᠢᠮ᠎ᠠ ᠲᠡᠶ ᠪᠠᠨ》 ᠭᠡᠵᠤ ᠬᠠᠷᠠᠬᠠᠨ ᠨᠢᠳᠤ ᠨᠢ ᠳᠠᠯᠮᠢᠶᠠᠷᠠᠨ ᠰᠢᠪᠠᠨᠡᠭᠦ ᠰᠢᠭ ᠪᠣᠯᠤᠭᠰᠠᠨ ᠴᠤ ᠭᠠᠷ ᠶᠢᠡᠨ ᠥᠭᠡᠳᠡ ᠡᠴᠡ ᠮᠢᠨᠢ ᠰᠢᠭᠤᠤᠠᠮᠠᠭᠬᠠᠨ ᠰᠤᠩᠭ᠋ᠠᠬᠤ ᠳᠤ ᠠᠯᠠᠭᠠᠨ ᠳᠤ ᠨᠢ ᠢᠯᠴᠢ ᠳᠦᠦᠭᠡᠵᠤ ᠪᠠᠢ᠌ᠯ᠎ᠠ᠃ ᠠᠭᠤᠯᠵᠠᠭᠰᠠᠨ ᠣᠷᠤᠢ ᠳᠤ ᠪᠠᠨ ᠪᠢ ᠡᠴᠡᠩᠭᠡᠢ ᠲᠡᠶ ᠪᠠᠨ ᠴᠡᠴᠡᠷᠯᠢᠭ᠌ ᠤᠨ ᠮᠤᠳᠤᠨ ᠤ ᠨᠦᠮᠦᠷᠢ ᠳᠤ ᠣᠳᠠᠭᠠᠨ ᠰᠠᠭᠤᠯ᠎ᠠ᠃

— ᠠᠮᠢᠳᠤᠷᠠᠯ ᠣᠴᠠᠷᠠᠯ ᠢ ᠮᠢᠨᠢ ᠴᠢ ᠭᠡᠨ ᠡᠴᠡ ᠰᠤᠷᠠᠭᠯᠠᠭᠠᠤᠨ ᠪᠠᠢ᠌ᠪᠠ ︖

— ᠰᠡᠳᠭᠢᠯ ᠡᠴᠡ ᠪᠠᠨ ᠴᠢᠩᠨᠠᠭᠰᠠᠨ᠃

— ᠰᠡᠳᠭᠢᠯ ᠳᠤ ᠴᠢᠨᠢ ᠪᠢ ᠪᠠᠭᠳᠠᠭᠰᠠᠭᠠᠷ ᠭᠡᠵᠢ ᠦᠦ︖

— ᠴᠢᠮ᠎ᠠ ᠶᠢ ᠪᠢ ᠰᠢᠷᠬᠠᠯᠠᠭᠤᠯᠵᠤ ᠥᠩᠭᠡᠷᠡᠭ᠍ᠰᠡᠨ ᠰᠢᠤ ᠳ᠋ᠠ︕

— ᠪᠢ ᠴᠤ ᠳᠤᠮᠤᠭ᠎ᠠ ᠦᠭᠡᠶ ᠪᠠᠢ᠌ᠭᠰᠠᠨ ᠶᠤᠮ ᠳ᠋ᠠ︕

— ᠣᠳᠤ ᠳᠤᠮᠤᠭᠠᠵᠢᠴᠢᠬᠠᠪᠠᠤ︖

— ᠣᠳᠤ ᠤᠤ︖ ᠳᠦᠴᠢ ᠭᠦᠷᠴᠢᠭᠡᠭ᠍ᠰᠡᠨ ᠰᠢᠤ ᠳ᠋ᠠ︕ ᠭᠡᠭ᠍ᠰᠡᠭᠡᠷ ᠡᠴᠡᠩᠭᠡᠢ ᠮᠢᠨᠢ ᠮᠦᠷᠤ ᠪᠠᠷ ᠭᠦᠩᠭᠡᠭᠡᠨ ᠳᠠᠪᠠᠷᠢᠵᠤ 《ᠰᠠᠷᠨᠠᠢ ᠶᠢᠨ ᠦᠨᠦᠷᠳᠤ ᠭᠡᠵᠢᠭᠡ ᠴᠢᠨᠢ ᠭᠡᠪ ᠶᠢᠡᠷ ᠶᠢᠡᠨ》 ᠭᠡᠵᠤ ᠰᠢᠪᠠᠨᠠᠨ᠎ᠡ᠃ ᠪᠢ ᠳᠡᠭᠦᠨ ᠤ ᠭᠠᠷ ᠢ ᠠᠶᠠᠷᠬᠠᠨ ᠲᠦᠯᠭᠢᠨ ᠵᠠᠢ᠌ᠯᠠᠭᠤᠯᠵᠤ᠄

— ᠪᠢᠳᠠ ᠴᠢᠨᠢ ᠪᠦᠷ ᠳᠦᠴᠢ ᠭᠦᠷᠴᠢᠭᠡᠭ᠍ᠰᠡᠨ ᠭᠡᠵᠤ ᠳᠡᠭᠦᠨ ᠵᠥᠭ᠌ ᠡᠭ᠍ᠴᠡᠯᠡᠨ ᠰᠢᠷᠳᠠᠪᠠᠯ᠂

— ᠳᠠᠢ᠌ᠮᠤ ᠡ᠂ ᠣ᠂ ᠳᠠᠢ᠌ᠮᠤ ᠡ᠃ ᠴᠢᠮ᠎ᠠ ᠲᠡᠶ ᠪᠢ ᠡᠨᠡ ᠨᠠᠰᠤᠨ ᠳᠠᠭᠠᠨ ᠳᠠᠭᠢᠵᠤ ᠠᠭᠤᠯᠵᠠᠬᠤ ᠦᠭᠡᠶ ᠭᠡᠵᠤ ᠭᠡᠴᠦᠨᠡᠨ ᠣᠳᠠᠭ᠎ᠠ ᠳᠠᠩᠭ᠋ᠠᠷᠢᠭᠯᠠᠭᠰᠠᠨ ᠴᠤ ᠳᠠᠭᠢᠨ ᠠᠭᠤᠯᠵᠠᠬᠤ ᠶᠢᠨ ᠭᠦᠰᠡᠯ ᠡᠳᠦᠷ ᠡᠴᠡ ᠡᠳᠦᠷ ᠴᠢᠩᠭ᠋ᠠᠷᠠᠨ ᠪᠠᠢ᠌ᠵᠠᠢ᠃ ᠴᠢᠨᠤ 《ᠰᠠᠯᠤᠨ᠎ᠠ》 ᠭᠡᠰᠡᠨ ᠭᠠᠭᠴᠠ ᠥᠭᠡ ᠪᠠᠨ ᠶᠠᠮᠠᠷᠴᠤ ᠳᠤᠳᠤᠷᠬᠠᠢ᠌ᠯᠠᠯ ᠦᠭᠡᠶ ᠪᠠᠷ ᠨᠠᠳᠠ ᠥᠭᠡᠳᠡ ᠭᠦᠢᠳᠡᠨ ᠣᠷᠭᠢᠭᠤᠯᠤᠨ ᠴᠢᠯᠠᠭᠤᠳᠠᠭᠠᠤᠨ ᠡᠷᠭᠢᠵᠤ ᠬᠠᠷᠠᠯ ᠦᠭᠡᠶ ᠬᠤᠯᠠᠳᠠᠵᠤ ᠣᠳᠤᠭᠰᠠᠨ ᠪᠠᠷ᠎ᠠ ᠶᠢ ᠴᠢᠨᠢ ᠳᠠᠷᠠ ᠡᠳᠦᠷ ᠪᠢ ᠣᠳᠠᠳᠠᠯ᠎ᠠ ᠬᠠᠷᠠᠵᠤ ᠵᠤᠭᠰᠤᠬᠤ ᠳᠤ ᠪᠠᠨ ᠨᠠᠷ᠎ᠠ ᠶᠢ ᠴᠢᠨᠢ ᠲᠦᠮᠡ ᠮᠢᠩᠭ᠋ᠠᠠᠳᠠ ᠬᠠᠰᠭᠢᠷᠤᠨ ᠳᠠᠭᠤᠳᠠᠭᠰᠠᠨ᠂ ᠭᠡᠪᠠᠴᠤ ᠴᠢᠨᠤ ᠪᠠᠷ᠎ᠠ ᠠᠯᠠᠭ᠎ᠠ᠃ ᠭᠠᠭᠴᠠᠬᠦ ᠪᠢᠳᠠ ᠬᠤᠶᠠᠷ ᠢ ᠪᠠᠷᠠᠯᠠᠨ ᠰᠢᠷᠳᠡᠭ᠍ᠰᠡᠨ ᠡᠪᠦᠯ ᠤᠨ ᠳᠡᠭ᠍ᠷᠢ ᠬᠤᠵᠢ᠌ᠭᠰᠠᠨ ᠭᠡᠪ ᠶᠢᠡᠷ ᠶᠢᠡᠨ᠂ ᠭᠦᠰᠡᠯ ᠮᠦᠷᠦᠭᠡᠳᠦᠯ ᠢ ᠳᠠᠯᠠᠯᠤᠭᠰᠠᠨ ᠨᠤᠮ ᠤᠨ ᠰᠠᠩ ᠨᠡᠳᠥᠢᠭ᠍ᠰᠡᠨ ᠴᠢᠭ᠌ ᠶᠢᠡᠷ ᠶᠢᠡᠨ᠂ ᠭᠦᠯ ᠤᠨ ᠮᠦᠷ ᠢ ᠳᠠᠮᠠᠭᠠᠯᠠᠭᠰᠠᠨ ᠳᠠᠮᠢᠷ ᠤᠨ ᠳᠠᠯᠠᠪᠣᠷ ᠳᠤᠭᠤᠢ ᠶᠠᠩᠵᠤ ᠪᠠᠷ ᠪᠠᠨ᠃ ᠨᠠᠮ᠎ᠠ ᠶᠢ ᠭᠦᠯᠴᠦᠭᠦᠤ ᠭᠦᠮᠤᠨ ᠰᠢᠭ᠌ ᠭᠣᠢ᠌ᠭᠤᠷᠠᠭᠰᠠᠭᠠᠷ ᠪᠠᠢ᠌ᠷᠢ ᠳᠤ ᠪᠠᠨ ᠢᠷᠠᠪᠠᠯ ᠪᠠᠢ᠌ᠷᠢ ᠬᠤᠭᠤᠰᠤᠨ ᠪᠠᠢ᠌ᠪᠠ᠃ ᠪᠢ ᠪᠣᠷᠤ ᠮᠦᠷ ᠶᠢᠡᠷ ᠶᠢᠡᠨ ᠪᠣᠴᠠᠨ ᠭᠠᠷᠤᠯ᠎ᠠ᠃ ᠳᠠᠷᠠ ᠰᠦᠨᠢ ᠪᠢ ᠠᠩᠬ᠎ᠠ ᠣᠳᠠᠭ᠎ᠠ ᠠᠷᠢᠭᠢ ᠶᠢ ᠮᠠᠯ ᠪᠣᠯᠳᠠᠯ᠎ᠠ ᠣᠤᠭᠤᠭᠰᠠᠨ᠃ ᠣᠶᠤᠨ ᠰᠠᠨᠠᠭᠠᠨ ᠤ ᠮᠢᠡᠴᠦᠭᠦᠷᠡᠯ ᠨᠢ ᠴᠤ ᠭᠦᠮᠤᠨ ᠳᠤ ᠵᠢᠷᠭᠠᠯ ᠡᠳ᠋ᠯᠡᠭᠦᠯᠳᠡᠭ᠌ ᠭᠡᠰᠡᠨ ᠢ ᠪᠢ ᠳᠠᠷᠠ ᠦᠶ᠎ᠡ ᠡᠴᠡ ᠮᠡᠳᠡᠭ᠍ᠰᠡᠨ᠃ ᠭᠡᠪᠠᠴᠤ ᠣᠬᠠᠭᠠᠨ ᠰᠠᠷᠠᠭᠤᠯᠵᠢᠭᠠᠤᠨ ᠢᠷᠡᠭᠦ ᠪᠠᠷ ᠪᠢ ᠮᠦᠨ ᠴᠢᠮ᠎ᠠ ᠪᠠᠨ ᠰᠠᠨᠠᠨ ᠥᠭᠡᠳᠡ ᠡᠴᠡ ᠴᠢᠨᠢ ᠳᠠᠮᠠᠤᠯᠤᠨ ᠭᠦᠷᠳᠡᠭ᠌ ᠪᠠᠢ᠌ᠭᠰᠠᠨ᠃ ᠦᠷ᠎ᠡ ᠳ᠋ᠦ᠋ᠩ ᠨᠢ ᠰᠠᠯᠤᠨ᠎ᠠ᠂ ᠮᠢᠡᠴᠦᠭᠦᠷᠡᠯ᠃

—ᠲ᠋ᠠᠢ᠌ᠮᠤ᠂ ᠳᠠᠷᠠ ᠦᠶ᠎ᠡ ᠡᠴᠡ ᠪᠢ ᠴᠢᠮ᠎ᠠ ᠳᠤ ᠬᠤᠷᠤᠰᠴᠤ ᠡᠭᠢᠯᠡᠭ᠍ᠰᠡᠨ᠃ ᠰᠤᠷᠤᠭᠰᠠᠨ ᠬᠠᠷᠢᠶᠠᠯ ᠶᠢᠡᠨ ᠪᠦᠭᠦᠨ ᠢ ᠴᠢᠮ᠎ᠠ ᠳᠤ ᠭᠡᠷᠡᠭᠯᠡᠭ᠍ᠰᠡᠨ ᠴᠤ ᠨᠡᠮᠡᠭᠦᠷᠢ ᠪᠣᠯᠬᠤ ᠦᠭᠡᠶ ᠪᠣᠯᠬᠤᠷ ᠠᠩᠭᠢ ᠶᠢᠨ ᠶᠢᠡᠨ ᠦᠨᠦᠭᠢ ᠭᠡᠦᠭᠡᠨ ᠲᠡᠶ ᠶᠠᠪᠣᠯᠴᠠᠵᠤ ᠡᠭᠢᠯᠡᠭ᠍ᠰᠡᠨ᠃

— ᠴᠢ ᠳᠡᠭᠦᠨ ᠳᠤ ᠬᠠᠢ᠌ᠷ᠎ᠠ ᠦᠭᠡᠶ᠂ ᠭᠡᠪᠠᠴᠤ ᠴᠢᠮ᠎ᠠ ᠳᠤ ᠵᠤᠭᠤᠰ ᠲᠡᠶ᠃

ᠡᠴᠡᠩᠭᠡᠢ ᠮᠢᠨᠢ ᠥᠭᠡᠳᠡ ᠡᠴᠡ ᠣᠳᠠᠳᠠᠯ᠎ᠠ ᠰᠢᠷᠳᠡᠭᠡᠳ᠄

— ᠳᠡᠭᠡᠭᠡᠳ ᠪᠢ ᠭᠡᠦᠭᠡᠨ ᠶᠢᠡᠨ ᠠᠷᠪᠠᠨ ᠨᠠᠰᠤᠯᠠᠳᠠᠯ᠎ᠠ ᠬᠠᠮᠳᠤ ᠡᠵᠡᠩᠨᠡᠭ᠍ᠰᠡᠨ ᠲᠡᠷᠡᠭᠦ ᠪᠦᠯᠢ ᠡᠴᠡ ᠭᠤᠩ ᠪᠠᠶ᠎ᠠ ᠭᠤᠵᠤᠩ ᠳᠤᠯᠤᠭᠠᠢ ᠪᠠᠷ ᠬᠠᠭᠠᠴᠠᠨ ᠰᠠᠯᠵᠤ ᠭᠤᠷᠪᠠᠨ ᠵᠢᠯ ᠳᠠᠨᠤᠵᠤ ᠶᠠᠪᠣᠭᠰᠠᠨ᠂ ᠭᠡᠭᠦ ᠳᠤ ᠪᠠᠨ ᠴᠢᠮ᠎ᠠ ᠶᠢ ᠵᠥᠭᠡᠵᠤ ᠪᠠᠰᠠ ᠰᠠᠨᠠᠵᠤ ᠶᠠᠪᠣᠯ᠎ᠠ᠃ ᠴᠢ ᠮᠢᠨᠢ ᠵᠢᠷᠦᠭᠡᠨ ᠡᠴᠡ ᠣᠭᠤᠰᠤᠷ ᠲᠡᠶ ᠴᠤ ᠶᠤᠮ ᠦᠦ ᠳ᠋ᠠ︖

ᠡᠴᠡᠩᠭᠡᠢ᠂ ᠭᠠᠷ ᠡᠴᠡ ᠮᠢᠨᠢ ᠠᠶᠠᠷᠬᠠᠨ ᠠᠳᠬᠤᠵᠤ∶

— ᠮᠢᠨᠤᠭᠢ ᠭᠡᠵᠤ ᠯᠠ ᠪᠣᠳᠤᠵᠤ ᠶᠠᠪᠣᠯ᠎ᠠ ᠭᠡᠵᠤ ᠳᠤᠭᠳᠤᠯᠤᠨ ᠶᠠᠷᠢᠨ᠎ᠠ᠃

— ᠭᠦᠶ‍ᠢ᠂ ᠳᠦᠴᠢ ᠭᠦᠷᠴᠢᠭᠡᠵᠡᠢ᠃

— ᠴᠢᠮ᠎ᠠ ᠲᠡᠶ ᠰᠦᠯᠵᠢᠶᠠᠨ ᠳᠡᠭᠡᠷ᠎ᠡ ᠣᠴᠠᠷᠠᠬᠤ ᠦᠶ᠎ᠡ ᠳᠤ ᠴᠢᠮ᠎ᠠ ᠳᠤ ᠡᠪᠦᠷᠯᠡᠭ᠍ᠰᠡᠨ ᠬᠤᠷᠤᠰᠤᠯ ᠵᠠᠨᠤᠯ ᠭᠡᠪ ᠶᠢᠡᠷ ᠶᠢᠡᠨ ᠪᠠᠢ᠌ᠭᠰᠠᠨ ᠴᠤ ᠠᠭᠤᠯᠵᠠᠬᠤ ᠶᠢᠨ ᠭᠦᠰᠡᠯ ᠲᠦᠮᠡᠨ ᠳᠠᠪᠬᠤᠷ ᠪᠠᠢ᠌ᠯ᠎ᠠ᠃ ᠳᠠᠷᠠ ᠦᠶ᠎ᠡ ᠳᠤ ᠪᠢ ᠣᠳᠤ ᠶᠢᠨ ᠪᠦᠰᠡᠭᠦᠢ ᠲᠡᠶ ᠪᠠᠨ ᠳᠠᠨᠢᠯᠴᠠᠭᠠᠤᠨ ᠪᠠᠢ᠌ᠭᠰᠠᠨ᠃ ᠴᠢᠮ᠎ᠠ ᠶᠢ ᠶᠠᠷᠤ ᠨᠢ ᠮᠠᠷᠳᠠᠵᠤ ᠴᠢᠳᠠᠬᠤ ᠦᠭᠡᠶ ᠨᠢ ᠡ᠃ ᠬᠤᠶᠠᠭᠤᠯᠠ ᠣᠳᠤ ᠮᠠᠨ ᠤ ᠭᠢ ᠪᠠᠷ ᠣᠴᠢᠶ᠎ᠠ᠂ ᠪᠣᠯᠬᠤ ᠦᠦ︖

— ᠪᠦᠰᠡᠭᠦᠢ ᠴᠢᠨᠢ ᠬᠤᠭᠤᠯᠠ ᠪᠠᠨ ᠪᠠᠯᠠᠨ ᠪᠣᠯᠭᠠᠴᠢᠬᠠᠪᠠᠤ︖

— ᠪᠦᠰᠡᠭᠦᠢ ᠳᠦᠷᠭᠦᠮ ᠳᠤ ᠪᠠᠨ ᠬᠠᠷᠢᠴᠢᠬᠠᠭᠰᠠᠨ᠃

— ᠭᠤᠯᠣᠢ᠌ᠬᠤ ᠶᠠᠭᠤ ᠪᠠᠢ᠌ᠬᠤᠪ︖ ᠴᠢᠮ᠎ᠠ ᠳᠤ ᠪᠢ ᠦᠪᠡᠷ ᠤᠨ ᠭᠠᠷ ᠶᠢᠡᠷ ᠶᠢᠡᠨ ᠴᠠᠢ ᠴᠢ᠌ᠯᠠᠵᠤ ᠣᠤᠭᠤᠯᠭᠠᠶ᠎ᠠ ᠭᠡᠭ᠍ᠰᠡᠭᠡᠷ ᠡᠴᠡᠩᠭᠡᠢ ᠨᠠᠮ᠎ᠠ ᠶᠢ ᠰᠠᠭᠤᠭᠰᠠᠨ ᠣᠷᠤᠨ ᠡᠴᠡ ᠳᠠᠳᠠᠨ ᠪᠣᠰᠬᠠᠯ᠎ᠠ᠃

ᠡᠴᠡᠩᠭᠡᠢ ᠶᠢᠨ ᠭᠡᠷ ᠰᠢᠨ᠎ᠡ ᠬᠤᠳᠠ ᠶᠢᠨ ᠰᠠᠭᠤᠭᠠᠯᠢ ᠠᠷᠠᠤᠨ ᠤᠨ ᠳᠤᠭᠤᠷᠢᠭ ᠤᠨ ᠨᠢᠭᠡᠳᠦᠭᠡᠷ ᠨᠤᠮᠸᠷᠳᠤ ᠠᠰᠠᠷ ᠤᠨ ᠵᠢᠷᠭᠤᠳᠤᠭᠠᠷ ᠳᠡᠭ᠍ᠳᠡᠷᠯᠢᠭ᠌ ᠲᠤ ᠪᠠᠢ᠌ᠪᠠ᠃ ᠡᠴᠡᠩᠭᠡᠢ ᠭᠡᠷ ᠲᠡᠭᠡᠨ ᠣᠷᠤᠩᠭ᠋ᠤᠳᠠ ᠭᠡᠯᠡᠭ᠍ᠰᠡᠨ ᠶᠤᠰᠤᠭᠠᠷ ᠶᠢᠡᠨ ᠨᠠᠳᠠ ᠴᠠᠢ ᠴᠢ᠌ᠯᠠᠯ᠎ᠠ᠃

—ᠪᠦᠰᠡᠭᠦᠢ ᠮᠢᠨᠢ ᠨᠠᠳᠠ ᠪᠠᠷ ᠦᠷᠭᠦᠯᠵᠢ ᠡᠢ᠌ᠮᠤ ᠴᠠᠢ ᠴᠢ᠌ᠯᠡᠭᠦᠯᠳᠡᠭ᠌ ᠭᠡᠭ᠍ᠰᠡᠭᠡᠷ ᠥᠪᠠᠷᠳᠡᠭᠡᠨ ᠴᠤ ᠨᠢᠭᠡ ᠴᠤᠮᠤ ᠴᠢ᠌ᠯᠠᠵᠤ ᠠᠪᠣᠭᠠᠤᠨ ᠳᠸᠯᠸᠢᠰ ᠶᠢᠡᠨ ᠨᠡᠭᠡᠭᠡᠨ᠎ᠡ᠃

ᠨᠠᠪᠴᠢᠨ ᠴᠠᠢ ᠶᠢᠨ ᠰᠢᠭᠢᠷᠯᠢᠭ᠌ ᠵᠥᠭᠡᠯᠡᠨ ᠠᠮᠳᠠ ᠭᠡᠴᠦᠨᠡᠨ ᠵᠢᠯ ᠤᠨ ᠬᠣᠢ᠌ᠨ᠎ᠠ ᠳᠠᠭᠢᠨ ᠠᠮᠳᠠᠯᠠᠭᠳᠠᠬᠤ ᠳᠤ ᠪᠢ ᠦᠪᠡᠷ ᠤᠨ ᠡᠷᠭᠡ ᠦᠭᠡᠶ ᠡᠴᠡᠩᠭᠡᠢ ᠳᠤ ᠪᠠᠨ ᠳᠠᠯᠠᠷᠬᠠᠯ᠎ᠠ᠃ ᠡᠨᠡᠭᠦ ᠮᠦᠴᠡ ᠳᠤ ᠡᠷ᠎ᠡ ᠭᠦᠮᠤᠨ ᠤ ᠰᠡᠳᠭᠢᠯ ᠢ ᠭᠦᠡᠳᠡᠵᠤ ᠰᠢᠷᠬᠠᠳᠤᠭᠤᠯᠵᠤ ᠶᠠᠪᠣᠭᠰᠠᠨ ᠳᠤ ᠪᠠᠨ ᠰᠡᠭᠦᠷᠡᠰᠦᠯᠡᠭᠦ ᠦᠭᠡᠶ ᠪᠠᠢ᠌ᠵᠤ ᠴᠢᠳᠠᠭᠰᠠᠨ ᠦᠭᠡᠶ ᠪᠢ᠃ ᠳᠠᠷᠠ ᠦᠶ᠎ᠡ ᠳᠤ ᠪᠢ ᠡᠴᠡᠩᠭᠡᠢ ᠳᠤ ᠪᠠᠨ ᠶᠠᠭᠤᠨ ᠳᠤ ᠳᠠᠢ᠌ᠮᠤ ᠯᠠ ᠭᠦᠢᠳᠡᠨ ᠬᠠᠠᠳᠤᠵᠤ ᠪᠠᠢ᠌ᠪᠠ ᠳ᠋ᠠ ᠭᠡᠵᠤ ᠪᠣᠳᠤᠬᠤ ᠡᠴᠡ ᠶᠠᠭᠤ ᠪᠠᠷ ᠴᠤ ᠬᠤᠷᠢᠭᠯᠠᠵᠤ ᠴᠢᠳᠠᠰᠢ ᠦᠭᠡᠶ ᠨᠢᠭᠡ ᠵᠣᠢ᠌ᠯ ᠤᠨ ᠭᠤᠨᠢᠭ ᠭᠤᠳᠤᠷᠠᠯ ᠠᠨᠠᠪᠠᠤᠨ ᠳᠠᠯᠠᠢ ᠶᠢᠨ ᠳᠤᠭᠰᠢᠨ ᠳᠠᠪᠠᠯᠭᠠᠨ ᠰᠢᠭ ᠨᠦᠷᠢᠨ ᠨᠦᠷᠢᠵᠤ ᠢᠷᠠᠨ᠎ᠡ᠃ ᠣᠳᠤ ᠪᠣᠳᠤᠪᠠᠯ ᠪᠢ ᠳᠠᠷᠠ ᠦᠶ᠎ᠡ ᠳᠤ ᠡᠴᠡᠩᠭᠡᠢ ᠶᠢᠨ ᠭᠡᠯᠡᠭ᠍ᠰᠡᠨ ᠰᠢᠭ᠌ ᠨᠢᠯᠬᠠᠰᠠᠭ ᠤᠨ ᠳᠡᠭᠡᠷ᠎ᠡ ᠳᠡᠨᠡᠭ᠌ ᠯᠠ ᠪᠠᠢ᠌ᠵᠠᠢ᠃

ᠲ᠋ᠠᠷᠠ ᠵᠢᠯ ᠤᠨ ᠰᠠᠷᠠᠨ ᠳᠡᠷᠭᠡᠯ ᠴᠡᠴᠡᠷᠯᠢᠭ᠌ ᠤᠨ ᠦᠳᠡᠰᠢ᠂ ᠵᠠᠯᠠᠭᠤ ᠨᠠᠰᠤᠨ ᠤ ᠳᠦᠷᠠᠯᠵᠠᠮ᠎ᠠ ᠬᠠᠢ᠌ᠷ᠎ᠠ ᠳᠠᠭᠠᠨ ᠰᠢᠳᠠᠵᠤ ᠣᠷᠤᠭᠤᠯ ᠳᠡᠭᠡᠷ᠎ᠡ ᠦᠨᠦᠰᠤᠨ ᠮᠢᠨᠤᠭᠢ ᠭᠡᠵᠤ ᠰᠠᠨᠠᠭᠰᠠᠨ ᠪᠦᠭᠦᠨ ᠶᠢᠡᠨ ᠢᠯᠢᠨ ᠳᠠᠭᠠᠯᠠᠭᠰᠠᠨ ᠡᠴᠡᠩᠭᠡᠢ ᠶᠢᠨ ᠶᠢᠡᠨ ᠬᠠᠯᠠᠭᠤᠨ ᠳᠤᠭᠳᠤᠯᠤᠯ ᠢ ᠨᠢ ᠪᠣᠷᠤᠭᠤ ᠪᠠᠷ ᠰᠠᠳᠭᠢᠨ ᠪᠠᠢ᠌ᠷᠢ ᠪᠠᠢ᠌ᠷᠢ ᠳᠠᠭᠠᠨ ᠳᠤᠭᠣᠢ᠌ᠬᠠᠨ ᠪᠣᠴᠠᠭᠰᠠᠨ ᠤ ᠪᠠᠨ ᠮᠠᠷᠭᠠᠰᠢ ᠨᠢ ᠪᠢ 《ᠰᠠᠯᠤᠨ᠎ᠠ》 ᠭᠡᠰᠡᠨ ᠭᠠᠭᠴᠠ ᠥᠭᠡ ᠪᠠᠨ ᠳᠡᠭᠦᠨ ᠣᠷᠤᠭᠤ ᠬᠠᠮᠢᠶ᠎ᠠ ᠦᠭᠡᠶ ᠰᠢᠳᠡᠴᠢᠭᠡᠭᠡᠳ ᠡᠷᠭᠢᠵᠤ ᠬᠠᠷᠠᠯ ᠦᠭᠡᠶ ᠰᠠᠯᠵᠤ ᠣᠳᠤᠭᠰᠠᠨ ᠪᠢᠯᠠ᠃ ᠢᠩᠭᠢᠵᠤ ᠰᠠᠯᠤᠯᠴᠠᠭᠠᠤᠨ ᠬᠤᠶᠠᠭᠤᠯᠠ ᠣᠳᠤ ᠰᠠ‍‌ᠶᠢ ᠯᠠ ᠨᠢᠭᠤᠷᠳᠠᠨ ᠵᠤᠯᠭᠠᠭ᠎ᠠ ᠰᠢᠤ ᠳ᠋ᠠ᠃ ᠵᠠᠯᠠᠭᠤ ᠨᠠᠰᠤᠨ ᠤ ᠪᠦᠭᠦᠢ᠌ᠯᠡ ᠬᠠᠢ᠌ᠷ᠎ᠠ ᠪᠠᠨ ᠰᠡᠳᠭᠢᠯ ᠤᠨ ᠬᠠᠢ᠌ᠷᠠᠳᠤ ᠭᠡᠦᠭᠡᠨ ᠳᠡᠭᠡᠨ ᠬᠠᠷᠠᠮ ᠦᠭᠡᠶ ᠶᠡᠭᠦᠯᠡᠵᠤ ᠣᠷᠭᠢᠭᠠᠤᠨ ᠠᠷᠤ ᠳᠤ ᠨᠢ ᠶᠠᠭᠤ ᠴᠤ ᠦᠭᠡᠶ ᠬᠤᠭᠤᠰᠤᠨ ᠬᠤᠴᠤᠷᠬᠤ ᠡᠴᠡᠩᠭᠡᠢ ᠶᠢᠨ ᠶᠢᠡᠨ ᠰᠡᠳᠭᠢᠯ ᠤᠨ ᠭᠦᠡᠳᠤ ᠰᠢᠨᠠᠯᠤᠯ ᠢ ᠡᠳᠦᠷ ᠤᠨ ᠣᠳᠠᠭᠠᠨ ᠳᠤ ᠰᠡᠷᠡᠭᠡᠳ ᠢᠷᠡᠭᠦ ᠪᠠᠷ ᠪᠢ ᠴᠢᠨᠢ ᠨᠢᠭᠡᠨᠲᠡ ᠨᠥᠭᠦᠭᠡ ᠭᠦᠮᠤᠨ ᠤ ᠭᠡᠷᠭᠡᠢ᠂ ᠬᠡᠦᠬᠡᠳ ᠤᠨ ᠡᠭᠡ ᠪᠣᠯᠴᠢᠬᠠᠬᠤ ᠨᠢ ᠡ᠃ ᠡᠳᠦᠷ ᠰᠠᠷ᠎ᠠ ᠭᠡᠵᠤ ᠶᠠᠭᠠᠭᠢᠭᠰᠠᠨ ᠬᠠᠢ᠌ᠷ᠎ᠠ ᠨᠠᠢ᠌ᠷ ᠦᠭᠡᠶ ᠪᠠᠢ᠌ᠳᠠᠭ ᠶᠤᠮ ᠳ᠋ᠠ︖ ᠭᠦᠮᠤᠨ ᠤ ᠰᠡᠳᠭᠢᠯ ᠤᠨ ᠭᠦᠨ ᠰᠤᠷᠪᠢ ᠶᠢ ᠠᠨᠠᠭᠠᠬᠤ ᠣᠬᠠᠭᠠᠨ ᠪᠠᠢ᠌ᠳᠠᠭ ᠪᠣᠯᠪᠠᠤ︖

— ᠭᠦᠶ‍ᠢ᠂ ᠴᠠᠢ ᠪᠠᠨ

— ᠣ

— ᠶᠠᠭᠠᠭᠢᠭᠰᠠᠨ ᠪᠣᠢ︖

— ᠠᠮᠳᠠᠳᠠᠢ

— ᠪᠠᠰᠠ ᠴᠡᠭᠡᠵᠢᠯᠡᠭ᠍ᠰᠡᠭᠡᠷ ᠦᠦ ︖

— ᠴᠢ ᠴᠤ ᠮᠠᠷᠳᠠᠭ᠎ᠠ ᠦᠭᠡᠶ᠃

— ᠮᠠᠷᠳᠠᠶ᠎ᠠ ᠭᠡᠳ ᠮᠠᠷᠳᠠᠵᠤ ᠴᠢᠳᠠᠬᠤ ᠦᠭᠡᠶ᠃

— ᠪᠢ ᠳᠡᠨᠡᠭ᠌ ᠪᠠᠢ᠌ᠭᠰᠠᠨ᠃

— ᠪᠢ ᠴᠤ ᠳᠦᠭᠦᠭᠡ ᠦᠭᠡᠶ ᠪᠠᠢ᠌ᠭᠰᠠᠨ᠃

— ᠴᠢ ᠳᠡᠭᠦᠤ ᠪᠣᠯᠤᠨ᠎ᠠ᠃

— ᠡᠭᠡᠴᠢ ᠶᠢᠨ ᠶᠢᠡᠨ ᠬᠠᠯᠠᠭᠤᠨ ᠡᠪᠦᠷ ᠲᠤ ᠪᠠᠬᠠᠨ ᠳᠤᠭᠵᠢᠷᠠᠶ᠎ᠠ ᠪᠣᠯᠤᠨ᠎ᠠ ᠦᠦ︖

— ᠰᠦᠨᠢ ᠪᠢᠰᠢ᠃

— ᠠᠳᠠᠯᠢᠬᠠᠨ᠃

ᠡᠴᠡᠩᠭᠡᠢ ᠴᠠᠢ ᠶᠢᠨ ᠰᠢᠷᠡᠭᠡᠨ ᠳᠡᠭᠡᠷᠡᠭᠢ ᠵᠢᠵᠢᠭ᠌ ᠬᠠᠢ᠌ᠷᠴᠠᠭ ᠡᠴᠡ ᠭᠡᠰᠡᠭ᠌ ᠮᠦᠰᠤᠨ ᠰᠢᠭᠢᠷ ᠭᠠᠷᠭᠠᠨ ᠨᠢᠭᠤᠷ ᠥᠭᠡᠳᠡ ᠰᠢᠷᠳᠡᠭ᠍ᠰᠡᠭᠡᠷ 《ᠭᠠᠰᠢᠭᠤᠨ ᠨᠢ ᠳᠠᠷᠤᠭᠳᠠᠬᠤ ᠶ‍ᠦᠮ》 ᠭᠡᠵᠤ ᠮᠢᠨᠤ ᠴᠤᠮᠤᠨ ᠳᠤ ᠭᠢᠴᠢᠭᠡᠭᠡᠳ ᠱᠠᠹᠠ ᠳᠡᠭᠡᠷ᠎ᠡ ᠪᠠᠨ ᠭᠤᠶ᠎ᠠ ᠶᠢ ᠳᠡᠷᠡᠯᠡᠭᠡᠳ ᠭᠡᠪᠳᠡᠴᠢᠭᠡᠯ᠎ᠡ᠃

— ᠪᠦᠰᠡᠭᠦᠢ ᠴᠢᠨᠢ ᠣᠷᠤᠭᠠᠤᠨ ᠢᠷᠠᠯ᠎ᠠ᠃

— ᠪᠠᠭ᠎ᠠ ᠯᠠ ᠳᠤᠭᠵᠢᠷᠠᠶ᠎ᠠ᠃

— ᠭᠦᠭ᠍ᠰᠢᠷᠡᠴᠢᠭᠡᠭᠡᠳ ᠬᠡᠦᠬᠡᠳ ᠰᠢᠭ᠌᠃

— ᠨᠠᠰᠤ ᠪᠠᠷ ᠶᠢᠡᠨ ᠢᠩᠭᠢᠶ᠎ᠠ ᠭᠡᠵᠤ ᠰᠠᠨᠠᠭᠰᠠᠨ ᠶᠤᠮ᠃

ᠨᠠᠳᠠ ᠬᠠᠷᠢᠭᠤᠯᠬᠤ ᠥᠭᠡ ᠣᠯᠳᠠᠭᠰᠠᠨ ᠦᠭᠡᠶ᠃ ᠡᠴᠡᠩᠭᠡᠢ ᠶᠢᠨ ᠶᠢᠡᠨ ᠴᠢ᠌ᠯᠡᠭ᠍ᠰᠡᠨ ᠴᠠᠢ ᠶᠢ ᠠᠮᠳᠠᠯᠠᠨ ᠠᠮᠳᠠᠯᠠᠨ ᠰᠠᠭᠤᠬᠤ ᠳᠤ ᠡᠴᠡᠩᠭᠡᠢ ᠲᠡᠶ ᠬᠠᠮᠳᠤ ᠪᠠᠢ᠌ᠯᠴᠠᠭᠰᠠᠨ ᠳᠡᠳᠡᠭᠡᠷ ᠡᠳᠦᠷ ᠬᠤᠨᠤᠭ ᠺᠢᠨᠤ᠋ ᠥᠵᠡᠭ᠍ᠳᠡᠯ ᠰᠢᠭ᠌ ᠨᠢᠳᠤᠨ᠎ᠡ ᠳᠤᠳᠤᠷᠠᠨ᠎ᠠ᠃ ᠳᠠᠷᠠ ᠦᠶ᠎ᠡ ᠳᠤ ᠪᠢᠳᠠ ᠬᠤᠶᠠᠷ ᠨᠢᠭᠡ ᠰᠤᠷᠭᠠᠭᠤᠯᠢ ᠳᠤ ᠬᠠᠮᠳᠤ ᠰᠤᠷᠤᠯᠴᠠᠳᠠᠭ ᠨᠢᠭᠡ ᠨᠤᠳᠤᠭᠳᠠᠨ ᠪᠠᠢ᠌ᠪᠠ᠃ ᠡᠪᠦᠯ ᠵᠤᠨ ᠤ ᠠᠮᠠᠷᠠᠯᠳᠠ ᠳᠤ ᠢᠷᠠᠵᠤ ᠪᠣᠴᠠᠬᠤ ᠶᠢᠨ ᠬᠤᠯᠠ ᠠᠶᠠᠨ ᠭᠦᠭᠡᠭᠡᠭᠦ ᠪᠦᠷᠢ ᠡᠴᠡᠩᠭᠡᠢ ᠮᠢᠨᠤ ᠭᠤᠶ᠎ᠠ ᠶᠢ ᠳᠠᠷᠠᠯᠠᠨ ᠳᠤᠭᠵᠢᠷᠠᠳᠠᠭ ᠵᠠᠩ ᠲᠡᠶ᠃ ᠳᠡᠭᠡᠭᠦ ᠳᠤ ᠪᠢ ᠰᠠᠯᠵᠤ ᠪᠣᠳᠠᠷᠠᠨ᠎ᠠ ᠭᠡᠵᠤ ᠪᠤᠳᠤᠭ᠎ᠠ ᠥᠭᠡᠢ᠂ ᠡᠴᠡᠩᠭᠡᠢ ᠨᠠᠩ ᠴᠤ ᠪᠣᠳᠤᠭ᠎ᠠ ᠦᠭᠡᠶ᠃

— ᠪᠢ ᠣᠠᠳᠠᠴᠢᠬᠠᠪᠠᠤ ︖

— ᠵᠡᠭᠦᠳᠦᠯᠡᠪᠠᠤ ︖

— ᠵᠡᠭᠦᠳᠦᠯᠡᠵᠤ ᠯᠠ ᠶᠠᠪᠣᠯ᠎ᠠ᠃

— ᠴᠢ᠂ ᠪᠣᠰᠤᠳ ᠤᠨ ᠪᠦᠰᠡᠭᠦᠢ ᠶᠢ ᠵᠡᠭᠦᠳᠦᠯᠡᠪᠠᠯ ᠣᠬᠠᠭ᠎ᠠ ᠦᠭᠡᠶ᠃

— ᠪᠢ ᠣᠬᠠᠭ᠎ᠠ ᠦᠭᠡᠶ᠂ ᠶᠠᠭᠠᠭᠢᠨᠠᠪ︖

— ᠶᠠᠭᠠᠭᠢᠬᠤ ᠪᠣᠢ︖

— ᠵᠠᠪᠠᠯ ᠴᠢᠮ᠎ᠠ ᠶᠢ ᠰᠠᠨᠠᠨ᠎ᠠ᠃

ᠪᠢ ᠳᠡᠭᠦᠨ ᠤ ᠦᠷᠴᠢᠯᠡᠭᠡᠰᠤ ᠰᠠᠭᠤᠭᠰᠠᠨ ᠮᠠᠩᠨᠠᠢ ᠶᠢ ᠬᠦᠩᠭᠡᠨ ᠬᠦᠩᠭᠡᠨ ᠳᠤᠶ‍ᠢᠯᠠᠪᠠᠯ ᠳᠠᠷᠠ ᠮᠠᠨᠢ᠄

— ᠴᠢᠮ᠎ᠠ ᠳᠤ ᠪᠢ ᠬᠤᠭᠤᠯᠠ ᠪᠡᠯᠡᠳᠭᠡᠶ᠎ᠡ ᠭᠡᠭ᠍ᠰᠡᠭᠡᠷ ᠪᠣᠰᠴᠤ ᠭᠠᠯ ᠳᠤᠭᠤᠭᠠᠨ ᠤ ᠪᠠᠨ ᠦᠷᠦᠭᠡ ᠥᠭᠡᠳᠡ ᠠᠯᠬᠤᠯᠠᠬᠤ ᠵᠠᠭᠤᠷ᠎ᠠ 《ᠨᠤᠭᠤᠭ᠎ᠠ》 ᠭᠡᠵᠤ ᠮᠢᠨᠤ ᠥᠭᠡᠳᠡ ᠡᠷᠭᠢᠨ ᠬᠠᠷᠠᠯ᠎ᠠ᠃

— ᠴᠢ ᠳ᠋ᠠ᠂ ᠪᠦᠰᠡᠭᠦᠢ ᠪᠠᠨ ᠳᠡᠷᠭᠡᠳᠡ ᠡᠴᠡ ᠪᠠᠨ ᠰᠠᠯᠭᠠᠵᠤ ᠪᠣᠯᠬᠤ ᠦᠭᠡᠶ ᠰᠢᠤ ᠭᠡᠵᠤ ᠨᠠᠮ᠎ᠠ ᠶᠢ ᠡᠭᠦᠳᠡ ᠥᠭᠡᠳᠡ ᠠᠯᠬᠤᠯᠠᠭᠰᠠᠭᠠᠷ ᠭᠡᠯᠡᠭᠦ ᠳᠤ᠄

— ᠳᠠᠷᠠᠭᠠᠴᠢ ᠪᠠᠷ ᠢᠷᠡᠭᠦ ᠪᠠᠷ ᠴᠢᠨᠢ ᠴᠢᠮ᠎ᠠ ᠳᠤ ᠰᠠᠢ᠌ᠬᠠᠨ ᠬᠤᠭᠤᠯᠠ ᠪᠠᠯᠠᠳᠤᠨ᠎ᠡ ᠰᠢᠤ᠃

— ᠵᠠ᠂ ᠳᠡᠭᠡᠨ᠎ᠡ᠂ ᠪᠣᠰᠤᠳ ᠤᠨ ᠪᠦᠰᠡᠭᠦᠢ ᠶᠢ ᠭᠡᠳᠤ ᠰᠠᠨᠠᠬᠤ ᠮᠠᠭᠤᠬᠠᠢ ᠰᠢᠤ᠃

— ᠮᠢᠨᠤ ᠪᠣᠯᠬᠤ ᠳᠠᠪᠢᠯᠠᠩ ᠵᠠᠶᠠᠭᠠᠭᠳᠠᠳᠠᠭ ᠦᠭᠡᠶ ᠨᠢ ᠡ᠃

— ᠳᠡᠭᠡᠭᠦ ᠪᠠᠷ ᠦᠪᠡᠷ ᠤᠨ ᠭᠢ ᠪᠠᠨ ᠬᠠᠷᠢᠨ ᠰᠠᠢ᠌ᠬᠠᠨ ᠵᠢᠷᠭᠠᠭᠤᠯᠵᠤ ᠶᠠᠪᠣᠬᠤ ᠶᠤᠮ ᠰᠢᠤ᠃

— ᠵᠠ᠂ ᠵᠠ᠂ ᠮᠦᠨ ᠢᠩᠭᠢᠭᠡᠳ ᠰᠠᠯᠤᠯᠴᠠᠴᠢᠬᠠᠬᠤ ᠨᠢ ᠦᠦ︖

ᠨᠠᠮ᠎ᠠ ᠶᠢ ᠶᠠᠭᠤᠮ᠎ᠠ ᠶᠠᠷᠢᠯ ᠦᠭᠡᠶ ᠱᠠᠬᠠᠢ ᠪᠠᠨ ᠡᠮᠦᠰᠤᠨ ᠡᠭᠦᠳᠡᠨ ᠴᠦ᠋ ᠶᠢ ᠨᠡᠭᠡᠭᠡᠳᠡᠯ᠎ᠡ ᠰᠠᠯᠤᠯᠴᠠᠬᠤ ᠶᠢᠨ ᠡᠷᠭᠡᠨ ᠳᠤ ᠶᠠᠭᠤ ᠶᠠᠭᠠᠭᠢᠬᠤ ᠪᠠᠨ ᠣᠯᠵᠤ ᠶᠠᠳᠠᠨ ᠪᠠᠢ᠌ᠭᠰᠠᠨ ᠡᠴᠡᠩᠭᠡᠢ ᠭᠠᠷ ᠡᠴᠡ ᠣᠭᠵᠤᠮ ᠳᠠᠳᠠᠨ ᠨᠠᠮ᠎ᠠ ᠶᠢ ᠪᠠᠶ᠎ᠠ ᠵᠥᠭ᠌ ᠶᠢᠡᠨ ᠤᠢ᠌ᠷᠠᠳᠤᠭᠤᠯᠤᠨ ᠥᠭᠡᠳᠡ ᠡᠴᠡ ᠴᠤᠷᠭᠢᠨ ᠰᠢᠷᠳᠡᠭ᠍ᠰᠡᠭᠡᠷ 《ᠨᠢᠭᠡ ᠬᠤᠨᠤᠭ ᠴᠤᠭ ᠪᠠᠢ᠌ᠵᠤ ᠪᠣᠯᠬᠤ ᠦᠭᠡᠶ ᠦᠦ︖》 ᠭᠡᠨ᠎ᠡ᠃

— ᠰᠠᠨᠠᠵᠤ ᠪᠣᠳᠤᠭᠰᠠᠨ ᠭᠦᠮᠤᠨ ᠲᠡᠶ ᠪᠠᠨ ᠵᠠᠪᠠᠯ ᠴᠤᠭ ᠬᠤᠨᠤᠬᠤ ᠴᠢᠬᠤᠯᠠ ᠲᠡᠶ ᠦᠦ︖

— ᠳᠠᠢ᠌ᠮᠤ ᠪᠢᠰᠢ᠃

— ᠳᠡᠭᠡᠭᠡᠳ︖

— ᠨᠢᠭᠡ ᠯᠠ ᠬᠤᠨᠤᠭ ᠴᠢᠮ᠎ᠠ ᠶᠢ ᠬᠠᠵᠠᠭᠤ ᠳᠤ ᠪᠠᠨ ᠠᠮᠠᠷᠠᠳᠠᠯ᠎ᠠ ᠣᠠᠳᠠᠭᠤᠯᠤᠶ᠎ᠠ᠃

ᠪᠢ ᠳᠡᠭᠦᠨ ᠤ ᠭᠠᠷ ᠢ ᠠᠯᠳᠠᠭᠤᠯᠤᠨ ᠠᠰᠠᠷ ᠤᠨ ᠱᠠᠳᠤ ᠪᠠᠷ ᠳᠦᠷᠭᠡᠯᠡᠨ ᠪᠠᠭᠤᠯ᠎ᠠ᠃ ᠳ᠋ᠸᠩ ᠵᠤᠯᠠ ᠭᠢᠯᠠᠯᠵᠠᠭᠰᠠᠨ ᠵᠤᠨ ᠤ ᠰᠦᠨᠢ ᠶᠢᠨ ᠰᠢᠨ᠎ᠡ ᠬᠤᠳᠠ ᠪᠦᠭ᠍ᠴᠢᠮ᠎ᠡ ᠬᠠᠯᠠᠭᠤᠨ᠃ ᠬᠠᠶᠠ ᠳᠠᠭᠠᠷᠠᠯᠳᠤᠬᠤ ᠪᠣᠯᠤᠩ ᠳᠤᠬᠤᠢ ᠭᠠᠵᠠᠷ ᠡᠴᠡ ᠶᠠᠮᠠᠷ ᠨᠢᠭᠡᠨ ᠦᠯᠤ ᠥᠵᠡᠭ᠍ᠳᠡᠭᠦ ᠬᠠᠷ᠎ᠠ ᠰᠠᠪᠠᠷ ᠨᠠᠮ᠎ᠠ ᠶᠢ ᠪᠠᠭᠠᠯᠵᠤᠷᠳᠠᠭᠠᠤᠨ ᠠᠪᠬᠤ ᠰᠢᠭ ᠪᠣᠯᠬᠤ ᠪᠠᠷ ᠳᠤᠳᠤᠷ᠎ᠠ ᠵᠢᠭᠡᠭᠦᠰᠤᠨ᠎ᠡ᠃ ᠭᠡᠪᠠᠴᠤ ᠪᠢ ᠣᠷᠤᠭᠰᠢ ᠳᠡᠮᠡᠤᠯᠦᠭ᠍ᠰᠡᠭᠡᠷ᠃ ᠭᠠᠷ ᠣᠳᠠᠰᠤᠨ ᠤ ᠬᠤᠩᠬᠤ ᠳᠠᠩᠭᠢᠨᠠᠨ ᠳᠠᠩᠭᠢᠨᠠᠭᠰᠠᠭᠠᠷ᠃ ᠦᠵᠡᠳᠠᠯ᠎ᠠ ᠭᠦᠮᠤᠨ ᠠᠮᠢᠳᠠᠨ ᠤ ᠭᠦᠯ ᠬᠤᠷᠢᠶᠠᠭᠳᠠᠨ ᠴᠠᠭ ᠥᠩᠭᠡᠷᠡᠭ᠍ᠰᠡᠭᠡᠷ᠃ ᠪᠢ ᠵᠥᠭ᠌ ᠴᠢᠭ᠌ ᠶᠢᠡᠨ ᠠᠯᠳᠠᠨ ᠶᠠᠪᠣᠭᠰᠠᠭᠠᠷ ᠡᠳᠦᠷ ᠤᠨ ᠡᠴᠡᠩᠭᠡᠢ ᠲᠡᠶ ᠬᠤᠶᠠᠭᠤᠯᠠ ᠶᠢᠨ ᠰᠠᠭᠤᠭᠰᠠᠨ ᠴᠡᠴᠡᠷᠯᠢᠭ᠌ ᠤᠨ ᠮᠤᠳᠤᠨ ᠤ ᠪᠠᠨ ᠳᠡᠷᠭᠡᠳᠡ ᠢᠷᠡᠴᠢᠭᠡᠯ᠎ᠡ᠃ ᠨᠢᠭᠡ ᠵᠣᠢ᠌ᠯ ᠤᠨ ᠣᠢ᠌ᠯᠠᠭᠠᠭᠳᠠᠮ᠎ᠠ ᠦᠭᠡᠶ ᠳᠠᠢ᠌ᠤᠠᠬᠤᠷᠠᠭᠤᠯᠤᠯ ᠪᠠᠶ᠎ᠠ ᠶᠢ ᠣᠷᠢᠶᠠᠨ ᠰᠡᠳᠭᠢᠯ ᠢ ᠳᠤᠯᠠᠭᠠᠴᠠᠭᠤᠯᠤᠨ᠎ᠠ᠃ ᠡᠳᠦᠷ ᠤᠨ ᠰᠠᠭᠤᠭᠰᠠᠨ ᠣᠷᠤ ᠮᠢᠨᠢ ᠪᠦᠯᠢᠶᠡᠨ ᠶᠢᠡᠷ ᠶᠢᠡᠨ ᠪᠠᠢ᠌ᠯ᠎ᠠ᠃ ᠪᠢ ᠪᠠᠬᠠᠨ ᠰᠠᠭᠤᠭᠠᠤᠨ ᠡᠴᠡᠩᠭᠡᠢ ᠶᠢᠨ ᠶᠢᠡᠨ ᠣᠳᠠᠰᠤ ᠶᠢ ᠬᠠᠰᠢᠯᠠ ᠳᠤᠰᠴᠢᠬᠠᠯ᠎ᠠ᠃

— ᠭᠦᠶ‍ᠢ᠂ ᠴᠢ ᠬᠠᠮᠢᠭ᠎ᠠ ᠪᠠᠢ᠌ᠬᠤ ᠪᠣᠢ︖

— ᠮᠡᠳᠡᠭᠦ ᠦᠭᠡᠶ᠃

— ᠵᠠᠪᠠᠯ ᠬᠤᠨᠤᠬᠤ ᠠᠯᠪᠠ ᠲᠡᠶ ᠴᠤ ᠪᠢᠰᠢ᠃

— ᠱᠠᠬᠠᠢ ᠪᠠᠨ ᠴᠤ ᠡᠮᠦᠰᠦᠭ᠍ᠰᠡᠨ ᠦᠭᠡᠶ ᠴᠢᠷᠦᠭᠦᠯ ᠱᠠᠬᠠᠢ ᠪᠠᠷ ᠠᠷᠤ ᠡᠴᠡ ᠴᠢᠨᠢ ᠪᠠᠭᠤᠳᠠᠯ᠎ᠠ ᠪᠠᠷ᠎ᠠ ᠦᠭᠡᠶ ᠪᠣᠯᠴᠢᠬᠠᠳᠠᠭ ᠴᠢᠨᠢ᠂ ᠶᠠᠮᠠᠷ ᠣᠪᠠᠳᠢᠰ ᠲᠡᠶ ᠪᠣᠢ︖ ᠴᠢ︖ ᠭᠡᠵᠢᠶ᠎ᠡ ᠰᠤᠷᠤᠭᠰᠠᠨ ᠪᠣᠢ︖ ᠭᠦᠶ‍ᠢ ᠬᠠᠮᠢᠭ᠎ᠠ ᠪᠠᠢ᠌ᠬᠤ ᠪᠣᠢ︖

— ᠮᠡᠳᠡᠭᠦ ᠦᠭᠡᠶ ᠭᠡᠵᠤ ᠪᠠᠢ᠌ᠬᠤ ᠳᠤ᠃

— ᠪᠢ ᠵᠡᠭᠡᠯᠢ ᠪᠠᠷ ᠪᠣᠳᠠᠷᠠᠳᠠᠯ᠎ᠠ ᠡᠷᠢᠭᠡᠳ ᠣᠯᠬᠤ ᠦᠭᠡᠶ ᠪᠠᠢ᠌ᠨ᠎ᠠ᠂ ᠴᠢ ᠶᠡᠭᠡ ᠲᠦᠯᠤᠪ ᠪᠠᠢ᠌ᠷᠢ ᠪᠠᠨ ᠭᠡᠯᠡᠴᠢᠭᠡ ᠳ᠋ᠠ᠃

— ᠮᠡᠳᠡᠭᠦ ᠦᠭᠡᠶ᠃

— ᠴᠢᠮ᠎ᠠ ᠶᠢ ᠣᠯᠬᠤ ᠦᠭᠡᠶ ᠪᠣᠯ ᠪᠢ ᠠᠷᠢᠭᠢ ᠪᠠᠨ ᠮᠠᠨᠠᠷᠠᠳᠠᠯ᠎ᠠ ᠣᠤᠭᠤᠭᠠᠤᠨ ᠣᠠᠳᠠᠴᠢᠬᠠᠨ᠎ᠠ ᠰᠢᠤ᠃

ᠡᠴᠡᠩᠭᠡᠢ ᠶᠢᠨ ᠶᠢᠡᠨ ᠭᠡᠯᠡᠭ᠍ᠰᠡᠨ ᠳᠤ ᠪᠠᠨ ᠵᠠᠪᠠᠯ ᠳᠤᠯᠬᠤ 《ᠮᠤᠵᠢᠭᠤᠳᠠ》 ᠵᠠᠩ ᠢ ᠪᠢ ᠮᠠᠳᠠᠵᠤ ᠯᠠ ᠪᠠᠢ᠌ᠬᠤ ᠶᠢᠨ ᠳᠡᠭᠡᠷ᠎ᠡ ᠠᠷᠢᠭᠢ ᠣᠤᠭᠤᠬᠤ ᠦᠭᠡᠶ ᠴᠤ ᠶᠠᠷᠤ ᠳᠤ ᠪᠠᠨ ᠬᠤᠳᠤᠭᠤᠳᠤ ᠡᠪᠠᠳᠤᠨ ᠰᠢᠨᠠᠯᠳᠠᠭ ᠢ ᠨᠢ ᠴᠤ ᠮᠡᠳᠡᠳᠡᠭ᠌ ᠪᠣᠯᠬᠤᠷ ᠭᠤᠮᠤᠳᠠᠯ ᠬᠠᠷᠠᠳᠠᠯ ᠤᠨ ᠰᠡᠳᠭᠢᠯ ᠮᠢᠨᠢ ᠳᠠᠷᠣᠢ᠌ᠬᠠᠨ ᠡᠷᠭᠢᠵᠤ ᠡᠭᠢᠯᠡᠵᠡᠢ᠃

— ᠭᠦᠶ‍ᠢ᠂ ᠭᠤᠶᠤᠶ᠎ᠠ ᠳ᠋ᠠ᠂ ᠬᠠᠮᠢᠭ᠎ᠠ ᠪᠠᠢ᠌ᠬᠤ ᠪᠠᠨ ᠭᠡᠯᠡᠴᠢᠭᠡ ᠳ᠋ᠠ︕

— ᠳᠠᠷᠢᠭᠢ ᠪᠠᠨ ᠭᠦᠳᠡᠯᠭᠡᠭᠡᠳ ᠪᠣᠳᠤᠵᠤ ᠦᠵᠡ᠃

— ᠳᠡᠭᠡᠶ᠎ᠡ᠂ ᠴᠢ ᠳᠠᠷᠠ ᠣᠷᠤᠨ ᠡᠴᠡ ᠪᠠᠨ ᠪᠣᠤ ᠯᠠ ᠭᠦᠳᠡᠯ ᠡᠨ᠃

— ᠡᠩ᠃

ᠣᠳᠠᠭᠰᠠᠨ ᠦᠭᠡᠶ ᠡᠴᠡᠩᠭᠡᠢ ᠮᠢᠨᠢ ᠭᠠᠷ ᠣᠳᠠᠰᠤ ᠪᠠᠨ ᠠᠳᠬᠤᠨ ᠴᠢᠷᠦᠭᠦᠯ ᠱᠠᠬᠠᠢ ᠪᠠᠨ ᠨᠢᠴᠦᠭᠦᠨ ᠭᠦᠯ ᠳᠡᠭᠡᠨ ᠴᠢᠷᠦᠭ᠍ᠰᠡᠨ ᠴᠢᠭ᠌ ᠲᠡᠭᠡᠨ ᠭᠦᠷᠴᠤ ᠢᠷᠠᠯ᠎ᠠ᠃ ᠳᠠᠷᠠ ᠡᠮᠤᠨ᠎ᠡ ᠪᠠᠬᠠᠨ ᠳᠤᠭᠤᠢ ᠵᠤᠭᠰᠤᠭᠰᠠᠨ ᠶᠢᠡᠨ ᠥᠭᠡᠳᠡ ᠡᠴᠡ ᠭᠠᠷ ᠶᠢᠡᠨ ᠰᠤᠩᠭ᠋ᠠᠨ᠄

— ᠶᠠᠭᠠᠭᠢᠵᠤ ᠪᠠᠢ᠌ᠭᠰᠠᠨ ᠴᠤ ᠵᠢᠭᠠᠬᠠᠨ ᠶᠠᠭᠤᠮ᠎ᠠ ᠣᠯᠵᠤ ᠢᠳᠠᠶ᠎ᠠ ᠳ᠋ᠠ ᠭᠡᠨ᠎ᠡ᠃

— ᠪᠢ ᠢᠳᠡᠭᠦ ᠦᠭᠡᠶ᠃

— ᠭᠦᠶ‍ᠢ᠂ ᠭᠤᠶᠤᠶ᠎ᠠ ᠳ᠋ᠠ᠂ ᠴᠢ ᠮᠢᠨᠤ ᠭᠦᠮᠤᠨ ᠡᠴᠡ ᠭᠤᠶᠤᠳᠠᠭ ᠦᠭᠡᠶ ᠶᠢ ᠮᠠᠳᠠᠨ᠎ᠡ ᠰᠢᠤ ᠳ᠋ᠠ᠃

— ᠴᠢ ᠥᠪᠠᠷᠳᠡᠭᠡᠨ ᠢᠳᠡᠭᠦ ᠪᠠᠷ ᠶᠠᠪᠣ ᠡ᠃

ᠲ᠋ᠠᠷᠠ ᠴᠤ ᠮᠢᠨᠤ ᠡᠳᠡᠭᠡᠳ ᠵᠦᠷᠢᠭᠦᠤ ᠶᠢ ᠮᠡᠳᠡᠭᠦ ᠪᠣᠯᠬᠤᠷ ᠨᠠᠮ᠎ᠠ ᠶᠢ ᠨᠠᠯᠠᠭᠰᠠᠭᠠᠷ ᠬᠠᠵᠠᠭᠤ ᠳᠤ ᠰᠠᠭᠤᠯ᠎ᠠ᠃ ᠴᠢᠮᠡᠭᠡ ᠦᠭᠡᠶ ᠶᠢᠨ ᠳᠤᠮᠳᠠ ᠴᠠᠭ ᠣᠷᠤᠰᠤᠨ ᠣᠳᠤᠨ᠎ᠠ᠃ ᠬᠤᠳᠤᠭᠤᠳᠤ ᠬᠠᠯᠠᠭᠤᠨ ᠪᠦᠯᠢᠶᠡᠨ ᠣᠷᠭᠢᠨ᠎ᠠ᠃

— ᠭᠦᠶ‍ᠢ᠂ ᠪᠢ ᠦᠯᠤᠰᠴᠤ ᠣᠮᠳᠠᠭᠠᠰᠬᠤ ᠬᠠᠮᠢᠶ᠎ᠠ ᠦᠭᠡᠶ᠂ ᠨᠢᠭᠡᠨᠲᠡ ᠳᠠᠳᠴᠢᠬᠠᠭᠰᠠᠨ᠃ ᠴᠢ ᠬᠠᠷᠢᠨ ᠳᠡᠰᠭᠦ ᠦᠭᠡᠶ ᠦᠭᠡᠶ ᠰᠢᠤ᠃ ᠡᠴᠡᠩᠭᠡᠢ ᠠᠷᠭᠠᠳᠠᠩᠭ᠋ᠠᠢ ᠶᠠᠷᠢᠨ᠎ᠠ᠃ ᠪᠢ ᠳᠤᠭᠣᠢ᠌ᠬᠠᠨ ᠪᠣᠰᠤᠯ᠎ᠠ᠃

— ᠬᠤᠶᠠᠭᠤᠯᠠ ᠬᠤᠭᠤᠯᠠ ᠢᠳᠡᠴᠢᠭᠡᠭᠡᠳ ᠪᠢ ᠴᠢᠮ᠎ᠠ ᠶᠢ ᠵᠤᠴᠢᠳ ᠤᠨ ᠪᠠᠭᠤᠳᠠᠯ ᠳᠤ ᠭᠦᠷᠭᠡᠵᠤ ᠦᠭ‍ᠭᠦᠶ᠎ᠡ᠃ ᠪᠢ ᠳᠡᠭᠦᠨ ᠤ ᠠᠷᠤ ᠡᠴᠡ ᠪᠣᠷᠪᠢᠳᠠᠨ ᠳᠠᠭᠠᠯ᠎ᠠ᠃

— ᠪᠢ ᠪᠠᠩᠰᠢ ᠵᠠᠭᠢᠶᠠᠯᠠᠨ ᠭᠢᠯᠭᠡᠶ᠎ᠡ᠃

— ᠱᠦᠯᠦ ᠲᠡᠶ ᠪᠣᠳᠠᠭ᠎ᠠ ᠢᠳᠠᠶ᠎ᠠ᠃

— ᠳᠡᠭᠡᠭ᠍ᠰᠡᠨ ᠴᠤ ᠪᠣᠯᠤᠨ᠎ᠠ᠃

— ᠳᠠᠨ ᠤ ᠳᠤ ᠭᠦᠷᠴᠤ ᠢᠳᠠᠶ᠎ᠠ᠃

— ᠡᠨ︖

— ᠦᠨᠡᠨ ᠭᠡᠯᠡᠵᠤ ᠪᠣᠢ᠃

ᠡᠴᠡᠩᠭᠡᠢ ᠭᠠᠷ ᠡᠴᠡ ᠭᠦᠳᠦᠯᠦᠭ᠍ᠰᠡᠭᠡᠷ ᠳᠦᠷᠭᠡᠯᠡᠯ᠎ᠡ᠃ ᠪᠢᠳᠠ ᠡᠴᠡᠩᠭᠡᠢ ᠶᠢᠨ ᠭᠡᠷ ᠤᠨ ᠭᠠᠳᠠᠨᠠᠭᠢ ᠨᠤᠭᠤᠭᠠᠨ ᠳᠡᠯᠭᠡᠭᠦᠷ ᠡᠴᠡ ᠭᠡᠳᠤᠨ ᠲᠦᠪᠡᠳ ᠬᠠᠰᠢ᠂ ᠳᠠᠭᠢᠶᠠᠨ ᠥᠡᠳᠡᠭᠡ ᠠᠪᠴᠢᠬᠠᠭᠠᠤᠨ ᠬᠤᠭᠤᠯᠠ ᠪᠠᠨ ᠪᠠᠯᠠᠳᠴᠤ ᠡᠭᠢᠯᠡᠯ᠎ᠡ᠃ ᠡᠴᠡᠩᠭᠡᠢ ᠪᠣᠳᠠᠭ᠎ᠠ ᠰᠠᠭᠤᠯᠭᠠᠵᠤ ᠪᠢ ᠲᠦᠪᠡᠳ ᠬᠠᠰᠢ ᠲᠡᠶ ᠥᠡᠳᠡᠭᠡᠨ ᠱᠦᠯᠦ ᠭᠠᠷᠭᠠᠵᠠᠢ᠃ ᠬᠤᠶᠠᠭᠤᠯᠠ ᠬᠤᠭᠤᠯᠠ ᠪᠣᠳᠠᠭ᠎ᠠ ᠪᠠᠯᠠᠳᠤᠨ ᠬᠠᠮᠳᠤ ᠳᠤ ᠪᠠᠨ ᠬᠤᠭᠤᠯᠠᠯᠠᠬᠤ ᠳᠤ ᠡᠴᠡᠩᠭᠡᠢ ᠮᠢᠨᠢ ᠳᠤᠩ ᠳᠠᠨᠢᠯ ᠳᠠᠰᠤᠯ ᠮᠦᠷᠳᠡᠭᠡᠨ ᠳᠠᠨᠢᠯ ᠪᠣᠰᠤ ᠬᠠᠷᠠᠭᠳᠠᠵᠤ ᠪᠠᠢ᠌ᠯ᠎ᠠ᠃ ᠪᠢ ᠴᠤ ᠡᠴᠡᠩᠭᠡᠢ ᠳᠤ ᠳᠡᠭᠡᠵᠤ ᠬᠠᠷᠠᠭᠳᠠᠨ ᠪᠠᠢ᠌ᠬᠤ ᠨᠢ ᠢᠯᠠ ᠪᠠᠢ᠌ᠪᠠ᠃ ᠬᠤᠶᠠᠭᠤᠯᠠ ᠭᠡᠳᠡᠰᠤ ᠪᠠᠨ ᠳᠦᠭᠦᠷᠭᠡᠵᠤ ᠠᠪᠳᠠᠯ᠎ᠠ ᠨᠢᠭᠡᠨᠲᠡ ᠰᠦᠨᠢ ᠲᠦᠯᠢ ᠪᠣᠯᠤᠭᠰᠠᠨ ᠪᠠᠢ᠌ᠪᠠ᠃ ᠡᠴᠡᠩᠭᠡᠢ ᠳᠠᠭᠢᠵᠤ ᠨᠠᠮ᠎ᠠ ᠶᠢ ᠳᠡᠷᠭᠡᠳᠡ ᠪᠠᠨ ᠬᠤᠨᠤᠭᠤᠯᠤᠨ᠎ᠠ ᠭᠡᠵᠤ ᠱᠠᠭᠠᠷᠳᠠᠭᠰᠠᠨ ᠦᠭᠡᠶ᠂ ᠪᠢ ᠴᠤ ᠵᠠᠪᠠᠯ ᠶᠠᠪᠣᠨ᠎ᠠ ᠭᠡᠵᠤ ᠭᠠᠰᠠᠯᠭᠠᠭᠰᠠᠨ ᠦᠭᠡᠶ᠃

— ᠪᠠᠶ᠎ᠠ ᠪᠠᠨ ᠣᠭᠢᠶᠠᠪᠠᠯ ᠬᠠᠯᠠᠭᠤᠨ ᠣᠰᠤᠨ ᠰᠠᠪᠠᠨ ᠳᠤ ᠣᠰᠤ ᠪᠣᠢ᠃

— ᠬᠠᠮᠢᠭ᠎ᠠ ᠣᠠᠳᠠᠬᠤ ᠪᠣᠢ︖

— ᠮᠢᠨᠤ ᠳᠡᠷᠭᠡᠳᠡ ᠬᠤᠨᠤᠨ᠎ᠠ ᠦᠦ︖

— ᠪᠣᠯᠬᠤ ᠦᠭᠡᠶ ᠦᠦ︖

— ᠠᠶᠤᠬᠤ ᠦᠭᠡᠶ ᠦᠦ︖

— ᠠᠶᠤᠵᠤ ᠥᠩᠭᠡᠷᠡᠭ᠍ᠰᠡᠨ ᠦᠭᠡᠶ᠃

— ᠴᠢᠮ᠎ᠠ ᠶᠢ ᠪᠢ ᠶᠠᠭᠠᠭᠢᠵᠤ ᠴᠤ ᠮᠠᠳᠠᠨ᠎ᠡ ᠰᠢᠤ᠃

— ᠶᠠᠭᠠᠭᠢᠬᠤ ᠴᠤ ᠦᠭᠡᠶ ᠳ᠋ᠠ ᠴᠢ᠃

— ᠮᠡᠳᠡᠭᠦ ᠦᠭᠡᠶ ᠳ᠋ᠠ ᠭᠡᠭ᠍ᠰᠡᠭᠡᠷ ᠡᠴᠡᠩᠭᠡᠢ ᠮᠢᠨᠢ 《ᠡᠵᠢ ᠶᠢᠨ ᠮᠢᠨᠢ ᠬᠤᠨᠤᠳᠠᠭ ᠦᠷᠦᠭᠡ ᠰᠢᠤ》 ᠭᠡᠵᠤ ᠳᠤᠳᠤᠷᠬᠠᠢ᠌ᠯᠠᠭᠰᠠᠭᠠᠷ ᠨᠠᠳᠠ ᠬᠣᠢ᠌ᠳᠤ ᠦᠷᠦᠭᠡᠨ ᠤ ᠪᠠᠨ ᠭᠠᠭᠴᠠ ᠭᠦᠮᠤᠨ ᠤ ᠮᠤᠳᠤᠨ ᠣᠷᠤᠨ ᠳᠤ ᠣᠷᠤ ᠵᠠᠰᠠᠯ᠎ᠠ᠃ ᠪᠢ ᠵᠠᠰᠠᠭᠰᠠᠨ ᠣᠷᠤᠨ ᠳᠤ ᠨᠢ ᠳᠤᠭᠣᠢ᠌ᠬᠠᠨ ᠣᠷᠤᠵᠤ ᠭᠡᠪᠳᠡᠵᠡᠢ᠃ ᠳᠡᠭᠦᠨ ᠢ ᠬᠠᠷᠠᠪᠠᠯ ᠮᠢᠨᠤ ᠥᠨᠡᠭᠡᠷ ᠭᠡᠷ ᠲᠤ ᠨᠢ ᠬᠤᠨᠤᠬᠤ ᠪᠣᠯᠤᠭᠰᠠᠨ ᠳᠤ ᠢᠳᠡᠭᠡᠵᠤ ᠶᠠᠳᠠᠭᠰᠠᠨ ᠪᠣᠯᠤᠯᠳᠠᠢ᠂ ᠶᠠᠭᠠᠭᠢᠬᠤ ᠪᠠᠨ ᠣᠯᠬᠤ ᠦᠭᠡᠶ ᠨᠠᠰᠢ ᠴᠠᠰᠢ ᠬᠤᠯᠭᠢᠨ᠎ᠠ᠃ ᠪᠢ ᠬᠠᠨ᠎ᠠ ᠰᠢᠬᠠᠨ ᠬᠠᠵᠠᠭᠤ ᠳᠤ ᠪᠠᠨ ᠰᠤᠯᠠ ᠣᠷᠤ ᠵᠠᠢ᠌ᠴᠢᠯᠠᠨ 《ᠡ᠊ᠨᠳᠡ ᠢᠷᠠᠵᠤ ᠭᠡᠪᠳᠡ ᠡ》 ᠭᠡᠪᠠᠯ 《ᠴᠢᠮ᠎ᠠ ᠶᠢ ᠠᠮᠤᠷ ᠣᠠᠳᠠᠭᠤᠯᠬᠤ ᠦᠭᠡᠶ ᠪᠣᠯ ᠶᠠᠭᠠᠭᠢᠨ᠎ᠠ》 ᠭᠡᠴᠢᠭᠡᠭᠡᠳ ᠳᠠᠷ᠎ᠠ ᠪᠠᠨ ᠳᠡᠪᠠᠷᠢᠭ᠍ᠰᠡᠭᠡᠷ ᠬᠠᠵᠠᠭᠤ ᠳᠤ ᠢᠷᠠᠵᠤ ᠭᠡᠪᠳᠡᠪᠡ᠃ ᠪᠢ ᠨᠥᠮᠦᠷᠢᠭ᠍ᠰᠡᠨ ᠨᠢᠮᠭᠡᠨ ᠭᠦᠡᠵᠢᠯᠡ ᠡᠴᠡ ᠪᠠᠨ ᠢᠯᠡᠭᠦᠴᠢᠯᠡᠨ ᠥᠭ᠍ᠪᠠᠯ ᠠᠳᠠᠷ ᠰᠢᠷᠳᠠᠨ ᠭᠡᠪᠳᠡᠵᠤ ᠪᠠᠢ᠌ᠭᠰᠠᠨ ᠡᠴᠡᠩᠭᠡᠢ ᠮᠢᠨᠢ ᠨᠠᠰᠢ ᠡᠷᠭᠢᠨ ᠡᠷ᠎ᠡ ᠬᠠᠩᠬᠠᠭᠠᠷ ᠴᠡᠭᠡᠵᠢᠨ ᠳᠤ ᠪᠠᠨ ᠨᠠᠮ᠎ᠠ ᠶᠢ ᠨᠠᠭᠠᠭᠰᠠᠭᠠᠷ᠄

— ᠴᠢᠮ᠎ᠠ ᠲᠡᠶ ᠪᠠᠨ ᠰᠦᠨᠢ ᠰᠦᠨᠢ ᠡᠢ᠌ᠮᠤ ᠪᠠᠢ᠌ᠭᠠᠰᠠᠢ ᠭᠡᠵᠤ ᠵᠡᠭᠦᠳᠦᠯᠡᠵᠤ ᠶᠠᠪᠣᠭᠰᠠᠨ ᠰᠢᠤ ᠭᠡᠵᠤ ᠠᠮᠢᠰᠬᠤᠭᠠᠳᠠᠨ ᠰᠢᠪᠠᠨᠠᠨ᠎ᠡ᠃

— ᠡᠢ᠌ᠮᠤ ᠬᠤᠪᠢ ᠶᠢ ᠪᠢᠳᠠ ᠬᠤᠶᠠᠷ ᠲᠤ ᠲᠤᠬᠢᠶᠠᠭᠰᠠᠨ ᠦᠭᠡᠶ ᠰᠢᠤ ᠳ᠋ᠠ ᠭᠡᠵᠤ ᠨᠠᠮ᠎ᠠ ᠶᠢ ᠳᠠᠢ᠌ᠪᠣᠩ ᠦᠴᠢᠭᠦ ᠳᠤ ᠡᠴᠡᠩᠭᠡᠢ ᠶᠢᠨ ᠮᠢᠨᠢ ᠠᠮᠢᠰᠬᠤᠭ᠎ᠠ ᠴᠤ ᠵᠢᠭ᠍ᠳᠡᠷᠡᠨ ᠳᠤᠨᠤᠷᠠᠵᠤ᠂ ᠵᠢᠷᠦᠭᠡᠨ ᠤ ᠬᠠᠯᠠᠭᠤᠨ ᠢᠯᠴᠢ ᠨᠢ ᠰᠠᠭᠤᠵᠤ ᠪᠠᠢ᠌ᠯ᠎ᠠ᠃

— ᠳᠠᠢ᠌ᠮᠤ ᠡ᠂ ᠶᠠᠭᠤ ᠪᠦᠭᠦᠨ ᠢ ᠴᠢᠨᠢ ᠭᠠᠭᠴᠠ ᠮᠢᠨᠤᠭᠢ ᠭᠡᠵᠤ ᠬᠠᠢ᠌ᠷᠠᠯᠠᠵᠤ ᠬᠠᠷᠠᠮᠨᠠᠵᠤ ᠶᠠᠪᠣᠭᠰᠠᠨ ᠠᠩᠬᠠᠨ ᠤ ᠬᠠᠢ᠌ᠷ᠎ᠠ ᠮᠢᠨᠢ ᠭᠡᠪ ᠶᠢᠡᠷ ᠶᠢᠡᠨ ᠪᠠᠢ᠌ᠭᠰᠠᠨ ᠴᠠᠭ ᠲᠤ ᠴᠢᠮ᠎ᠠ ᠪᠠᠨ ᠮᠦᠨ ᠳᠠᠷᠠ ᠭᠡᠪ ᠶᠢᠡᠷ ᠨᠢ ᠵᠢᠷᠦᠭᠡᠨ ᠳᠤ ᠪᠠᠨ ᠦᠯᠡᠳᠡᠭᠡᠵᠤ ᠬᠠᠳᠠᠭᠠᠯᠠᠵᠤ ᠶᠠᠪᠣᠶ᠎ᠠ᠃

— ᠳᠡᠭᠡᠭᠡᠳ ᠴᠢ ᠳᠠᠰᠴᠤ ᠳᠠᠢ᠌ᠯᠤᠨ᠎ᠡ ᠦᠦ︖

— ᠳᠡᠢ᠌ᠯᠭᠦ ᠦᠭᠡᠶ ᠴᠤ ᠳᠠᠢ᠌ᠯᠤᠨ᠎ᠡ᠃ ᠪᠢ ᠡᠴᠡᠩᠭᠡᠢ ᠲᠡᠶ ᠪᠠᠨ ᠳᠠᠨᠢᠯᠴᠠᠭᠰᠠᠨ ᠡᠴᠡ ᠠᠪᠣᠭᠠᠤᠨ ᠬᠠᠴᠠᠷ ᠨᠢᠭᠤᠷ ᠢ ᠨᠢ ᠠᠩᠬ᠎ᠠ ᠣᠳᠠᠭ᠎ᠠ ᠥᠭᠦᠭᠡᠷᠳᠤᠨ ᠳᠠᠭᠠᠯᠠᠯ᠎ᠠ᠃ ᠡᠴᠡᠩᠭᠡᠢ ᠴᠤ ᠨᠠᠮ᠎ᠠ ᠶᠢ ᠣᠯᠠᠮ ᠴᠢᠩᠭ᠋ᠠᠬᠠᠨ ᠳᠠᠪᠠᠷᠢᠵᠤ ᠵᠢᠷᠦᠭᠡᠨ ᠳᠠᠯ᠎ᠠ ᠳᠤ ᠪᠠᠨ ᠨᠠᠭᠠᠨ᠎ᠠ᠃ ᠣᠳᠠᠯ ᠦᠭᠡᠶ ᠰᠦᠨ ᠦᠨᠦᠷ ᠲᠡᠶ ᠠᠩᠬᠠᠨ ᠤ ᠬᠠᠢ᠌ᠷ᠎ᠠ ᠪᠠᠨ ᠭᠢᠮᠠᠭᠠᠳᠠᠵᠤ ᠶᠠᠪᠣᠭᠰᠠᠨ ᠬᠤᠶᠠᠷ ᠵᠢᠷᠦᠭᠡ ᠠᠮᠢᠰᠬᠤᠭ᠎ᠠ ᠠᠮᠢᠰᠬᠤᠭ᠎ᠠ ᠪᠠᠨ ᠴᠢᠩᠨᠠᠨ ᠠᠮᠤᠭᠤᠯᠠᠩ ᠨᠣᠢ᠌ᠷ ᠲᠤ ᠪᠠᠨ ᠠᠭᠤᠰᠴᠠᠢ᠃ ᠦᠷ ᠤᠨ ᠰᠤᠪᠣᠭᠤᠷ ᠭᠡᠭᠡ ᠪᠠᠷ ᠨᠣᠢ᠌ᠷ ᠡᠴᠡ ᠪᠠᠨ ᠰᠠᠷᠠᠵᠤ ᠪᠢ ᠡᠴᠡᠩᠭᠡᠢ ᠶᠢ ᠬᠠᠷᠠᠪᠠᠯ ᠵᠡᠭᠦᠨ ᠭᠠᠷ ᠤᠨ ᠬᠤᠷᠤᠭᠤᠳ ᠢ ᠮᠢᠨᠢ ᠰᠠᠯᠠᠭᠠᠯᠠᠨ ᠠᠳᠬᠤᠭᠰᠠᠨ ᠴᠢᠭ᠌ ᠲᠤ ᠪᠠᠨ ᠳᠤᠭ ᠨᠣᠢ᠌ᠷ ᠲᠠᠭᠠᠨ ᠪᠠᠢ᠌ᠯ᠎ᠠ᠃ ᠪᠢ ᠳᠡᠭᠦᠨ ᠤ ᠴᠢᠷᠠᠢ ᠨᠢᠭᠤᠷ ᠢ ᠪᠠᠬᠠᠨ ᠬᠠᠷᠠᠵᠤ ᠬᠠᠮᠠᠷ ᠤᠨ ᠥᠵᠦᠭᠦᠷ ᠢ ᠨᠢ ᠠᠯᠢᠶᠠᠯᠠᠨ ᠳᠤᠶ‍ᠢᠯᠠᠪᠠᠯ ᠡᠴᠡᠩᠭᠡᠢ ᠨᠢᠳᠤ ᠪᠠᠨ ᠵᠡᠪᠰᠡᠷᠯᠡᠰᠭᠢᠭ᠍ᠰᠡᠨ ᠶᠢᠡᠨ ᠭᠠᠷ ᠡᠴᠡ ᠣᠯᠠᠮ ᠴᠢᠩᠭ᠋ᠠᠬᠠᠨ ᠠᠳᠬᠤᠭᠰᠠᠭᠠᠷ᠄

— ᠪᠠᠰᠠ ᠵᠢᠭᠠᠬᠠᠨ ᠣᠠᠳᠠᠶ᠎ᠠ ᠭᠡᠨ᠎ᠡ᠃

— ᠣᠠᠳᠠᠵᠤ ᠬᠠᠨᠤᠭᠰᠠᠨ ᠦᠭᠡᠶ ᠪᠣᠯ ᠪᠣᠰᠴᠤ ᠬᠤᠭᠤᠯᠠ ᠪᠠᠨ ᠢᠳᠡᠴᠢᠭᠡᠭᠡᠳ ᠳᠠᠭᠢᠵᠤ ᠣᠠᠳᠠ᠃

— ᠴᠢ ᠰᠠᠢ᠌ᠨ ᠣᠠᠳᠠᠵᠤ ᠦᠦ︖

— ᠶᠠᠭᠠᠭᠢᠭᠠᠤᠨ ᠰᠠᠢ᠌ᠨ ᠣᠠᠳᠠᠬᠤ ᠦᠭᠡᠶ ᠪᠣᠢ︖ ᠪᠠᠰᠠ ᠵᠡᠭᠦᠳᠦᠯᠡᠭ᠍ᠰᠡᠨ᠃

— ᠪᠢ ᠰᠠᠢ᠌ᠬᠠᠨ ᠣᠠᠳᠠᠵᠤ ᠴᠢᠳᠠᠭᠰᠠᠨ ᠦᠭᠡᠶ᠃

— ᠴᠢ ᠨᠠᠮ᠎ᠠ ᠶᠢ ᠳᠡᠷᠭᠡᠳᠡ ᠪᠠᠨ ᠬᠤᠨᠤᠭᠤᠯᠤᠭᠰᠠᠨ᠃

— ᠴᠢ ᠦᠨᠦᠳᠤᠷ ᠪᠣᠴᠠᠴᠢᠬᠠᠪᠠᠯ ᠳᠠᠭᠢᠭᠠᠤᠨ ᠭᠡᠵᠢᠶ᠎ᠡ ᠠᠭᠤᠯᠵᠠᠬᠤ ᠶᠢ ᠮᠡᠳᠡᠭᠦ ᠦᠭᠡᠶ᠃

— ᠰᠦᠨᠢ ᠶᠢᠨ ᠣᠠᠳᠠᠯᠭ᠎ᠠ ᠲᠡᠶ ᠬᠠᠮᠢᠶ᠎ᠠ ᠦᠭᠡᠶ᠃

— ᠣᠠᠳᠠᠪᠠᠯ ᠴᠢᠮ᠎ᠠ ᠶᠢ ᠣᠯᠵᠤ ᠥᠵᠡᠭᠦ ᠦᠭᠡᠶ ᠪᠣᠯᠴᠢᠬᠠᠨ᠎ᠠ᠃

— ᠡᠴᠦᠨᠡᠨ ᠵᠢᠯ ᠢ ᠥᠵᠡᠭᠡ ᠦᠭᠡᠶ ᠪᠠᠷ ᠥᠩᠭᠡᠷᠡᠭᠡᠭ᠍ᠰᠡᠨ ᠰᠢᠤ᠃

— ᠪᠣᠳᠤᠵᠤ ᠰᠠᠨᠠᠵᠤ ᠯᠠ ᠪᠠᠢ᠌ᠭᠰᠠᠨ᠃

— ᠪᠢ ᠴᠤ ᠮᠠᠷᠳᠠᠭ᠎ᠠ ᠦᠭᠡᠶ᠃

— ᠳᠠᠢ᠌ᠮᠤ᠂ ᠴᠢ ᠴᠤ ᠮᠠᠷᠳᠠᠭ᠎ᠠ ᠦᠭᠡᠶ᠃

— ᠦᠷᠭᠦᠯᠵᠢᠯᠡᠨ ᠰᠠᠨᠠᠵᠤ ᠶᠠᠪᠣᠨ᠎ᠠ᠃

— ᠦᠷᠭᠦᠯᠵᠢᠯᠡᠨ ᠰᠠᠨᠠᠵᠤ ᠶᠠᠪᠣᠨ᠎ᠠ᠃

ᠪᠢ ᠶᠠᠪᠣᠬᠤ ᠪᠠᠷ ᠪᠣᠰᠤᠯ᠎ᠠ᠃ ᠡᠴᠡᠩᠭᠡᠢ ᠮᠢᠨᠢ ᠨᠠᠮ᠎ᠠ ᠶᠢ ᠳᠡᠷᠭᠡᠨ ᠦᠷᠳᠡᠭᠡᠨ ᠳᠤ ᠭᠦᠷᠭᠡᠵᠤ ᠪᠣᠴᠠᠨ ᠠᠯᠬᠤᠬᠤ ᠳᠤ ᠳᠡᠷᠭᠡᠨ ᠴᠤᠩᠬᠤ ᠪᠠᠷ ᠠᠯᠤᠰ ᠤᠨ ᠪᠠᠷ᠎ᠠ ᠨᠢ ᠪᠦᠳᠡᠭᠢᠷᠡᠨ ᠪᠠᠢ᠌ᠭᠰᠠᠨ ᠴᠤ ᠵᠢᠷᠦᠭᠡ ᠰᠡᠳᠭᠢᠯ ᠳᠤ ᠰᠠᠢ᠌ᠬᠠᠨ ᠳᠦᠷᠢ ᠨᠢ ᠳᠤᠳᠤᠷᠠᠨ ᠳᠤᠳᠤᠷᠠᠭᠰᠠᠭᠠᠷ᠃ ᠡᠴᠡᠩᠭᠡᠢ ᠮᠢᠨᠢ ᠪᠣᠴᠠᠵᠤ ᠬᠠᠷᠢᠭᠠᠤᠨ ᠨᠠᠰᠤᠨ ᠤ ᠭᠢᠨᠢ ᠬᠠᠨᠢ ᠪᠣᠯᠤᠭᠰᠠᠨ ᠠᠮᠠᠷᠠᠭ ᠭᠡᠷᠭᠡᠢ ᠳᠡᠭᠡᠨ ᠠᠮᠳᠠᠳᠤ ᠴᠠᠢ ᠡᠴᠡ ᠪᠠᠨ ᠴᠢ᠌ᠯᠠᠨ ᠴᠢ᠌ᠯᠠᠨ ᠣᠤᠭᠤᠯᠭᠠᠬᠤ ᠪᠣᠯᠤᠭᠠᠰᠠᠢ︕


ᠵᠤᠬᠢᠶᠠᠭᠴᠢ ᠶᠢᠨ ᠬᠠᠶ‍ᠢᠭ᠄ ᠬᠤᠤᠯᠢᠨ ᠭᠤᠤᠯ

ᠵᠤᠬᠢᠶᠠᠭᠴᠢ᠄ ᠳᠤᠷ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 10157
ᠴᠠᠭ᠄ 2010 ᠤᠨ ᠤ 08 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ