☆ ᠪᠠ᠊·ᠤᠳᠬᠤᠠᠪᠠᠭᠠᠳᠤᠷ
ᠰᠠᠯᠭᠢᠨ
ᠳᠤᠭᠤᠰᠤᠳᠤ ᠶᠢᠨ ᠶᠡᠭᠡ ᠨᠠᠷᠠ ᠪᠠᠨ ᠵᠢᠭᠠᠵᠤ
ᠳᠦᠷᠢᠮᠡᠭᠡᠢ ᠳᠤᠭᠰᠢᠨ ᠭᠦᠴᠤᠨ ᠳᠤ ᠪᠠᠨ ᠡᠷᠳᠡᠢ᠌ᠵᠤ
ᠨᠠᠷᠠ ᠪᠠᠷ ᠳᠤᠶᠠᠭᠠᠷᠠᠬᠤ ᠶᠢᠷᠳᠢᠠᠴᠤ ᠶᠢ ᠣᠷᠢᠶᠠᠨ
ᠨᠠᠭᠠᠰᠢᠯᠠᠵᠤ ᠢᠷᠡᠭᠦ ᠶᠢ ᠴᠢᠨᠢ ᠭᠡᠨ ᠪᠠᠢ᠌ᠭ ᠭᠡᠭᠦ ᠪᠣᠢ
ᠨᠣᠢ᠌ᠷ ᠡᠴᠠ ᠪᠠᠨ ᠰᠡᠷᠢᠭᠦ ᠮᠦᠴᠡ ᠡᠴᠠ ᠡᠭᠢᠯᠡᠨ
ᠡᠳᠦᠷ ᠤᠨ ᠥᠩᠭᠡ ᠶᠢ ᠡᠯᠡᠭᠡᠵᠤ ᠳᠠᠭᠤᠰᠳᠠᠯ᠎ᠠ
ᠡᠴᠢᠭᠡ ᠳᠡᠭ᠍ᠷᠢ ᠶᠢᠨ ᠪᠣᠷᠤᠭᠠᠨ ᠳᠤᠰᠤᠯ ᠢ
ᠠᠳᠠᠭ ᠲᠤ ᠪᠠᠨ ᠨᠢᠭᠡ ᠭᠦᠰᠡᠭᠦ ᠴᠤ ᠥᠭᠡᠢ
ᠭᠠᠯᠪᠠ ᠶᠢᠨ ᠣᠯᠠᠭᠠᠨ ᠳᠤᠭᠤᠰᠤᠨ ᠳᠤᠮᠳᠠ
ᠭᠠᠭᠴᠠᠬᠠᠨ ᠴᠢᠭᠢᠭ᠌ ᠢ ᠴᠤ ᠥᠯᠡᠳᠡᠭᠡᠯ ᠥᠭᠡᠢ
ᠭᠠᠵᠠᠷ ᠳᠡᠭ᠍ᠷᠢ ᠳᠤ ᠡᠵᠡᠨ ᠡᠷᠭᠢᠴᠡᠵᠤ
ᠭᠠᠢ ᠳᠠᠷᠢᠨ ᠠᠭᠰᠤᠮᠨᠠᠵᠤ ᠶᠠᠪᠣᠳᠠᠭ ᠴᠤ
ᠭᠦᠷᠦᠰᠤ ᠡᠴᠠ ᠪᠠᠨ ᠨᠡᠭᠦᠵᠤ ᠥᠵᠡᠭᠡ ᠥᠭᠡᠢ
ᠭᠦᠭᠡᠷᠦᠭᠡᠢ ᠣᠯᠠᠨ ᠠᠮᠢᠳᠠᠤᠨ ᠪᠦᠭᠦᠨ
ᠳᠤᠭᠤᠯᠬᠤ ᠶᠤᠰᠤᠳᠠᠢ ᠠᠮᠢᠳᠤᠷᠠᠯ ᠳᠤ ᠪᠠᠨ ᠵᠢᠷᠭᠠᠵᠤ
ᠣᠯᠬᠤ ᠶᠤᠰᠤᠳᠠᠢ ᠠᠮᠢᠰᠬᠤᠭ᠎ᠠ ᠳᠤ ᠪᠠᠨ ᠲ᠋ᠠᠭᠤᠯᠴᠠᠵᠤ
ᠳᠤᠭᠤᠰᠤᠨ ᠮᠦᠷ ᠲᠡᠶ ᠨᠢᠭᠡ ᠨᠠᠰᠤ ᠪᠠᠨ
ᠳᠡᠦᠭᠡ ᠶᠢᠨ ᠬᠠᠭᠤᠳᠠᠰᠤ ᠪᠠᠷ ᠥᠯᠡᠳᠡᠭᠡᠵᠤ ᠶᠠᠪᠣᠨ᠎ᠠ ᠁
ᠶᠠᠭᠠᠭᠢᠪ ᠳ᠋ᠠ ︕
ᠶᠠᠰᠢᠨ ᠭᠠᠯᠪᠠ ᠶᠢᠨ ᠵᠢᠮ᠎ᠠ ᠪᠠᠷ ᠥᠯᠢᠶᠡᠭᠦ
ᠶᠠᠷᠰᠢᠭ ᠤᠨ ᠶᠡᠭᠡ ᠰᠠᠯᠭᠢᠨ ᠶᠤᠮ ᠴᠢᠨᠢ
ᠶᠠᠳᠠᠬᠤ ᠳᠤ ᠪᠠᠨ ᠪᠢᠳᠠ ᠪᠠᠷᠢᠵᠤ ᠥᠵᠡᠭᠡ ᠥᠭᠡᠢ
ᠶᠠᠳᠠᠭᠤ ᠪᠠᠭᠤᠷᠠᠢ᠌ᠬᠠᠨ ᠣᠯᠤᠰ ᠶᠤᠮ ᠴᠢᠨᠢ
ᠡᠳ᠋ᠯᠡᠭᠦ ᠶᠢᠨ ᠪᠠᠶᠠᠨ ᠭᠡᠵᠤ ᠦᠨᠡᠨᠳᠡᠭᠡᠨ ᠪᠢᠳᠠ
ᠥᠯᠢᠶᠡᠭᠦ ᠰᠠᠯᠭᠢᠨ ᠲᠡᠶ ᠪᠠᠨ ᠠᠳᠠᠯᠢᠬᠠᠨ ᠵᠠᠶᠠᠭ᠎ᠠ ᠳᠠᠢ
ᠠᠳᠬᠤ ᠰᠢᠷᠤᠢ ᠶᠢᠨ ᠭᠦᠷᠦᠩᠭᠡ ᠥᠭᠡᠢ
ᠡᠷᠢᠶᠡᠨ ᠬᠤᠷᠸ᠎ᠠ ᠡᠴᠠ ᠤᠳᠳᠠᠭ ᠯᠠ ᠪᠠᠢ᠌ᠵᠠᠢ ︕
ᠰᠠᠯᠭᠢ ᠰᠠᠯᠭᠢᠯᠠᠨ᠎ᠠ ︕
ᠭᠦᠷᠦᠰᠤ ᠳᠡᠯᠡᠭᠡᠢ ᠶᠢᠨ ᠬᠤᠭ ᠪᠦᠭᠦᠨ ᠢ
ᠬᠤᠪᠢ ᠳᠤ ᠪᠠᠨ ᠳᠠᠩᠰᠠᠯᠠᠵᠤ ᠠᠭᠰᠤᠮᠨᠠᠨ ᠳᠤᠨᠤᠨ᠎ᠠ
ᠭᠡᠵᠢᠶ᠎ᠡ ᠬᠣᠢ᠌ᠨ᠎ᠠ ᠪᠠᠨ ᠶᠠᠳᠠᠵᠤ ᠲᠤᠢ᠌ᠯᠳᠠᠪᠠᠯ
ᠨᠠᠷᠠ ᠡᠭᠡᠭᠯᠡᠨ ᠨᠣᠢ᠌ᠷᠰᠤᠬᠤ ᠴᠤ ᠪᠠᠢ᠌ᠬ᠎ᠠ ᠳ᠋ᠠ᠁
2012 . 5 . 2 ᠰᠢᠨᠠᠪᠠᠯᠭᠠᠰᠤ ᠳ᠋ᠤ
ᠵᠤᠬᠢᠶᠠᠭᠴᠢ ᠶᠢᠨ ᠬᠠᠶᠢᠭ ᠄ ᠣᠷᠳᠤᠰ ᠤᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2690
ᠴᠠᠭ᠄ 2012 ᠤᠨ ᠤ 05 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ