☆ ᠰ·ᠠᠶᠠᠠᠴᠢᠨ
ᠬᠠᠢ᠌ᠷ᠎ᠠ ᠪᠠᠨ ᠳᠠᠭᠤᠯᠠᠶ᠎ᠠ
ᠡᠭᠡ ᠮᠤᠩᠭ᠋ᠤᠯ ᠭᠡᠯᠡᠨ ᠤ ᠪᠠᠨ
ᠡᠨᠡᠷᠢᠯ ᠬᠠᠢ᠌ᠷ᠎ᠠ ᠶᠢ ᠳᠠᠭᠤᠯᠠᠶ᠎ᠠ
ᠡᠭᠡᠰᠢᠭ᠍ᠳᠤ ᠭᠡᠷᠡᠯᠳᠤ ᠭᠡᠯᠡᠨ ᠤ ᠪᠠᠨ
ᠡᠩᠭᠡ ᠶᠢᠨ ᠰᠦᠯᠳᠡ ᠶᠢ ᠨᠢ ᠳᠠᠭᠤᠯᠠᠶ᠎ᠠ
ᠡᠵᠢ ᠶᠢᠨ ᠰᠦᠨ ᠬᠠᠢ᠌ᠷ᠎ᠠ ᠳ᠋ᠤ
ᠰᠥᠭᠦᠷᠡᠨ ᠪᠠᠢ᠌ᠵᠤ ᠳᠠᠭᠤᠯᠠᠶ᠎ᠠ
ᠡᠰᠡᠷᠸ᠎ᠡ ᠳᠡᠭ᠍ᠷᠢ ᠶᠢᠨ ᠨᠠᠷᠠᠨ ᠳᠤ ᠪᠠᠨ
ᠰᠠᠴᠤᠯᠢ ᠡᠷᠭᠦᠨ ᠪᠠᠢ᠌ᠵᠤ ᠳᠠᠭᠤᠯᠠᠶ᠎ᠠ
ᠡᠭᠡ ᠣᠷᠤᠨ ᠤ ᠡᠷᠳᠡᠨᠢᠨ ᠳᠠᠯ᠎ᠠ ᠪᠠᠨ
ᠦᠨᠦᠰᠤᠨ ᠪᠠᠢ᠌ᠵᠤ ᠳᠠᠭᠤᠯᠠᠶ᠎ᠠ
ᠡᠷᠳᠡᠮ ᠤᠨ ᠬᠠᠷᠭᠤᠢ ᠳᠤ ᠵᠠᠩᠭ᠋ᠠᠭᠰᠠᠨ
ᠡᠨᠡᠷᠢᠯᠳᠤ ᠪᠠᠭᠰᠢ ᠪᠠᠨ ᠳᠠᠭᠤᠯᠠᠶ᠎ᠠ
ᠳᠠᠭᠤᠯᠠᠶ᠎ᠠ᠂ ᠲ᠋ᠠᠭᠤᠯᠠᠶᠠ᠂ ᠳᠠᠭᠤᠯᠠᠶ᠎ᠠ
ᠬᠠᠢ᠌ᠷ᠎ᠠ ᠶᠢᠨ ᠳᠡᠯᠡᠭᠡᠢ ᠪᠠᠨ ᠳᠠᠭᠤᠯᠠᠶ᠎ᠠ
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠳᠤᠮᠳᠠᠳᠤ ᠬᠤᠰᠢᠭᠤ
ᠵᠤᠬᠢᠶᠠᠭᠴᠢ᠄ ᠰ·ᠠᠶᠠᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2646
ᠴᠠᠭ᠄ 2012 ᠤᠨ ᠤ 04 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ