ᠨᠡᠪᠲᠡᠷᠡᠨ ᠤᠷᠤᠬᠤ
ᠥᠷᠦᠭᠡᠰᠤᠨ ᠳᠠᠯᠠᠪᠴᠢ ᠲᠡᠶ ᠳᠠᠭᠢᠨᠢ

ᠠᠷᠭᠠᠯᠢ ᠠᠭᠤᠯᠠ ᠶᠢᠨ ᠬᠠᠪᠣᠷ ᠠᠭᠢᠭᠠᠤᠨ ᠢᠷᠠᠵᠠᠢ ᠶᠠᠩᠵᠢᠮ᠎ᠠ

ᠠᠮᠠᠷᠠᠭ ᠵᠢᠭᠠᠬᠠᠨ ᠴᠢᠮ᠎ᠠ ᠡᠴᠡ ᠪᠠᠨ ᠰᠠᠯᠤᠭᠠᠤᠨ ᠣᠳᠠᠵᠠᠢ ᠶᠠᠩᠵᠢᠮ᠎ᠠ

ᠠᠯᠠᠭᠬᠠᠨ ᠡᠨᠡ ᠪᠦᠮᠪᠦᠷᠴᠡᠭ᠌ ᠨᠢ ᠠᠪᠴᠢᠭᠠᠤᠨ ᠥᠭ᠍ᠳᠡᠭ᠌ ᠦᠭᠡᠶ ᠶᠠᠩᠵᠢᠮ᠎ᠠ

ᠠᠳᠠᠯᠢᠬᠠᠨ ᠰᠠᠨᠠᠭᠰᠠᠨ ᠬᠤᠶᠠᠷ ᠢ ᠠᠭᠤᠯᠵᠠᠭᠤᠯᠤᠭᠠᠤᠨ ᠦᠭ‍ᠭᠦᠭᠡᠴᠢ ᠽᠠᠮᠪᠣᠯᠢᠩ ᠡ


ᠪᠣᠭᠳᠠ ᠠᠭᠤᠯᠠ ᠶᠢᠨ ᠣᠷᠤᠢ ᠪᠠᠷ ᠣᠨᠢᠶᠠᠷ ᠨᠢ ᠳᠠᠳᠠᠵᠠᠢ ᠶᠠᠩᠵᠢᠮ᠎ᠠ

ᠪᠣᠷᠤᠬᠠᠨ ᠵᠢᠭᠠᠬᠠᠨ ᠴᠢᠮ᠎ᠠ ᠶᠢ ᠪᠠᠨ ᠰᠠᠨᠠᠬᠤ ᠯᠠ ᠶᠤᠮ ᠳ᠋ᠠ ᠶᠠᠩᠵᠢᠮ᠎ᠠ

ᠪᠣᠭᠤᠷᠤᠯ ᠡᠨᠡ ᠪᠦᠮᠪᠦᠷᠴᠡᠭ᠌ ᠨᠢ ᠵᠢᠵᠢᠭ᠍ᠷᠡᠭᠡᠳ ᠥᠭ᠍ᠳᠡᠭ᠌ ᠦᠭᠡᠶ ᠶᠠᠩᠵᠢᠮ᠎ᠠ

ᠪᠣᠳᠤᠯ ᠨᠢ ᠢᠵᠢᠯᠭᠡᠨ ᠬᠤᠶᠠᠷ ᠢ ᠵᠤᠯᠭᠠᠭᠤᠯᠤᠭᠠᠤᠨ ᠦᠭ‍ᠭᠦᠭᠡᠴᠢ ᠽᠠᠮᠪᠣᠯᠢᠩ ᠡ


ᠨᠠᠭᠤᠷ ᠰᠡᠳᠭᠢᠯ ᠬᠤᠶᠠᠷ ᠨᠢ ᠥᠨᠦᠴᠢᠷᠡᠭᠡᠳ ᠬᠤᠴᠤᠷᠴᠠᠢ ᠶᠠᠩᠵᠢᠮ᠎ᠠ

ᠨᠢᠭᠤᠴᠠᠬᠠᠨ ᠵᠢᠭᠠᠬᠠᠨ ᠴᠢᠮ᠎ᠠ ᠳᠠᠭᠠᠨ ᠳᠡᠩᠳᠡᠭᠦᠤ ᠳᠠᠰᠴᠠᠢ ᠶᠠᠩᠵᠢᠮ᠎ᠠ

ᠨᠣᠢ᠌ᠷ ᠤᠨ ᠳᠤᠮᠳᠠ ᠪᠠᠨ ᠴᠤ ᠭᠡᠰᠡᠨ ᠠᠭᠤᠯᠵᠠᠬᠤ ᠯᠠ ᠶᠤᠮᠰᠠᠨ ᠶᠠᠩᠵᠢᠮ᠎ᠠ

ᠨᠢᠯᠪᠣᠰᠤ ᠪᠠᠨ ᠨᠢᠭᠤᠯ ᠦᠭᠡᠶ ᠣᠭᠢᠯᠠᠩᠬᠠᠨ ᠠᠭᠤᠯᠵᠠᠶ᠎ᠠ ᠯᠠ ᠳ᠋ᠠ ᠶᠠᠩᠵᠢᠮ᠎ᠠ


ᠡᠩᠭᠡᠷ ᠨᠦᠮᠦᠷᠢ ᠭᠠᠵᠠᠷ ᠴᠠᠰᠤᠨ ᠬᠤᠷᠠᠵᠠᠢ ᠶᠠᠩᠵᠢᠮ᠎ᠠ

ᠡᠷᠭᠢᠵᠤ ᠣᠯᠳᠠᠬᠤ ᠦᠭᠡᠶ ᠴᠢᠮ᠎ᠠ ᠳᠠᠭᠠᠨ ᠳᠡᠩᠳᠡᠭᠦᠤ ᠳᠠᠰᠴᠠᠢ ᠶᠠᠩᠵᠢᠮ᠎ᠠ

ᠦᠨᠡᠨ ᠬᠠᠢ᠌ᠷ᠎ᠠ ᠶᠢᠨ ᠳᠡᠭ᠍ᠷᠢ ᠳᠤ ᠳᠠᠪᠠᠷᠢᠯᠴᠠᠨ ᠨᠢᠰᠤᠶ᠎ᠠ ᠬᠤᠶᠠᠭᠤᠯᠠ ᠪᠠᠨ

ᠥᠷᠦᠭᠡᠰᠤᠨ ᠳᠠᠯᠠᠪᠴᠢ ᠲᠡᠶ ᠳᠠᠭᠢᠨᠢ ᠮᠢᠨᠢ ᠨᠠᠳᠠ ᠳᠠᠭᠠᠨ ᠢᠷᠡᠭᠡᠴᠢ ᠶᠠᠩᠵᠢᠮ᠎ᠠ


2009 ᠣᠨ ᠤ 12 ᠰᠠᠷ᠎ᠠ

ᠵᠤᠬᠢᠶᠠᠭᠴᠢ ᠶᠢᠨ ᠬᠠᠶ‍ᠢᠭ ᠄ ᠡᠷᠢᠶᠡᠨ ᠬᠤᠳᠠ

ᠵᠤᠬᠢᠶᠠᠭᠴᠢ᠄ ᠨᠡᠰᠦᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2009 ᠤᠨ ᠤ 12 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ