☆ ᠬᠠᠨ ᠵᠢᠷᠤᠮᠳᠤ
ᠡᠵᠢ ᠮᠢᠨᠢ ᠭᠦᠷᠦᠭᠡᠳ ᠢᠷᠠᠯ᠎ᠠ
(ᠳᠠᠭᠤᠨ ᠤ ᠥᠭᠡ)
ᠠᠯᠤᠰ ᠤᠨ ᠵᠠᠮ ᠳᠤ ᠬᠠᠳᠠᠭᠠᠰᠤ ᠮᠥᠷᠭᠦᠭᠡᠳ
ᠠᠯᠠᠭ ᠨᠢᠳᠤ ᠪᠠᠯᠠᠷᠠᠬᠤ ᠶᠢᠨ ᠥᠶ᠎ᠡ ᠪᠠᠷ
ᠠᠮᠢᠳᠤᠷᠠᠯ ᠤᠨ ᠪᠠᠷᠭᠡ ᠳᠤ ᠰᠠᠭᠠᠤᠨ ᠤᠴᠠᠷᠠᠭᠠᠳ
ᠠᠷᠤ ᠶᠢᠨ ᠭᠦᠯᠦᠰᠤ ᠤᠷᠦᠰᠬᠤ ᠶᠢᠨ ᠥᠶ᠎ᠡ ᠪᠠᠷ
ᠡᠵᠢ ᠮᠢᠨᠢ ᠭᠦᠷᠦᠭᠡᠳ ᠢᠷᠠᠯ᠎ᠠ᠂
ᠡᠯᠢᠭᠡ ᠬᠠᠯᠠᠭᠤᠨ ᠭᠦᠷᠦᠭᠡᠳ ᠢᠷᠠᠯ᠎ᠠ
ᠢᠷᠡᠭᠦ ᠠᠶᠠᠨ ᠳᠤ ᠪᠠᠷᠳᠠᠭ᠎ᠠ ᠳᠤᠯᠭᠠᠷᠠᠭᠠᠤᠨ
ᠡᠷᠴᠢ ᠵᠤᠷᠢᠭ ᠰᠤᠯᠠᠷᠠᠬᠤ ᠶᠢᠨ ᠥᠶ᠎ᠡ ᠪᠠᠷ
ᠢᠳᠡᠭᠡᠯ ᠭᠦᠰᠡᠯ ᠳᠤ ᠡᠭᠦᠯᠡ ᠪᠦᠷᠭᠦᠭᠡᠳ
ᠡᠪᠴᠡᠭᠦᠤ ᠴᠡᠭᠡᠵᠢ ᠪᠢᠳᠡᠭᠦᠷᠭᠦ ᠶᠢᠨ ᠥᠶ᠎ᠡ ᠪᠠᠷ
(ᠳᠠᠭᠢᠯᠳᠠ)
ᠨᠠᠷᠠᠨ ᠤ ᠳᠤᠶᠠᠭ᠎ᠠ ᠨᠠᠮᠢᠷᠠᠭ᠎ᠠ ᠬᠤᠷ᠎ᠠ ᠳ᠋ᠤ
ᠨᠠᠪᠴᠢ ᠴᠡᠴᠡᠭ᠌ ᠳᠡᠯᠭᠡᠷᠡᠭᠦ ᠶᠢᠨ ᠥᠶ᠎ᠡ ᠪᠠᠷ
ᠨᠠᠠᠳᠢᠨ ᠰᠤᠷᠭᠠᠯ ᠨᠢᠩᠵᠢᠨ ᠰᠡᠳᠭᠢᠯ ᠳ᠋ᠤ
ᠨᠠᠰᠤᠨ ᠤ ᠥᠢᠯᠡᠰ ᠳᠡᠭ᠍ᠵᠢᠷᠭᠦ ᠶᠢᠨ ᠥᠶ᠎ᠡ ᠪᠠᠷ
(ᠳᠠᠭᠢᠯᠳᠠ)
2009-3-22
ᠬᠠᠨ ᠵᠢᠷᠤᠮᠳᠤ
ᠵᠤᠬᠢᠶᠠᠭᠴᠢ᠄ ᠬᠠᠨ ᠵᠢᠷᠤᠮᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2987
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ