ᠨᠡᠪᠲᠡᠷᠡᠨ ᠤᠷᠤᠬᠤ
ᠴᠢᠮ᠎ᠠ ᠣᠷᠤᠭᠤ ᠪᠠᠨ

ᠪᠢ ᠡᠵᠢ ᠪᠠᠨ ᠰᠠᠨᠠᠳᠠᠭ ᠪᠣᠯᠬᠤᠷ ᠨᠤᠳᠤᠭ ᠣᠷᠤᠭᠤ ᠪᠠᠨ

ᠪᠢ ᠡᠭᠡ ᠣᠷᠤᠨ ᠶᠢᠡᠨ ᠵᠡᠭᠦᠳᠦᠯᠡᠳᠡᠭ᠌ ᠪᠣᠯᠬᠤᠷ ᠮᠤᠩᠭ᠋ᠤᠯ ᠣᠷᠤᠭᠤ ᠪᠠᠨ

ᠪᠢ ᠰᠠᠷᠠᠨ ᠳᠤ ᠪᠣᠯᠵᠤᠭᠰᠠᠨ ᠶᠤᠮ ᠴᠢᠨᠢ ᠳᠡᠭ᠍ᠷᠢ ᠯᠦᠭᠡ ᠪᠠᠨ

ᠪᠢ ᠴᠢᠮ᠎ᠠ ᠳᠤ ᠬᠠᠢ᠌ᠷᠠᠳᠠᠢ ᠶᠤᠮ ᠴᠢᠨᠢ ᠠᠮᠢᠳᠤᠷᠠᠯ ᠣᠷᠤᠭᠤ ᠪᠠᠨ

ᠪᠢ ᠨᠤᠳᠤᠭ ᠲᠠᠭᠠᠨ ᠨᠢᠭᠡ ᠬᠠᠷᠢᠬᠤ ᠳᠤ ᠢᠵᠢᠢ᠌ ᠮᠢᠨᠢ ᠨᠠᠮ᠎ᠠ ᠶᠢ ᠥᠨᠦᠰᠦᠭ᠍ᠰᠡᠨ

ᠪᠢ ᠮᠤᠩᠭ᠋ᠤᠯ ᠳᠠᠭᠠᠨ ᠨᠢᠭᠡ ᠣᠴᠢᠬᠤ ᠳᠤ ᠡᠭᠡ ᠣᠷᠤᠨ ᠮᠢᠨᠢ ᠨᠠᠮ᠎ᠠ ᠶᠢ ᠥᠨᠦᠷᠯᠡᠭ᠍ᠰᠡᠨ

ᠪᠢ ᠳᠡᠭ᠍ᠷᠢ ᠳᠤ ᠨᠢᠭᠡ ᠭᠠᠷᠬᠤ ᠳᠤ ᠰᠠᠷᠠ ᠨᠠᠮ᠎ᠠ ᠶᠢ ᠭᠦᠳᠦᠯᠦᠭ᠍ᠰᠡᠨ

ᠪᠢ ᠠᠮᠢᠳᠤᠷᠠᠯ ᠳᠤ ᠨᠢᠭᠡ ᠢᠷᠡᠭᠦ ᠳᠤ ᠴᠢ ᠨᠠᠮ᠎ᠠ ᠶᠢ ᠣᠭᠳᠤᠭᠰᠠᠨ

ᠴᠠᠢ ᠪᠠᠨ ᠴᠢᠨᠠᠭᠠᠤᠨ ᠭᠦᠯᠢᠶᠡᠭ᠍ᠰᠡᠨ ᠠᠵᠠᠢ ᠪᠣᠭᠤᠷᠤᠯ ᠳᠠᠨ ᠳ᠋ᠠᠭᠠᠨ

ᠴᠠᠩᠭ᠋ᠠᠵᠤ ᠶᠠᠪᠣᠭ᠎ᠠ ᠭᠦᠤ ᠴᠢᠨᠢ ᠣᠴᠢᠬᠤ ᠦᠭᠡᠶ ᠶᠠᠭᠠᠭᠢᠬᠤ ᠶᠤᠮ ᠪᠣᠢ ᠡᠵᠢ ᠡ

ᠴᠠᠰᠤᠳᠤ ᠦᠨᠳᠦᠷ ᠠᠯᠳᠠᠢ ᠨᠢ ᠳᠡᠯᠡᠭᠡᠢ ᠶᠢ ᠴᠢᠮᠠᠵᠤ ᠰᠥᠮᠪᠦᠷᠯᠡᠭ᠍ᠰᠡᠨ

ᠴᠠᠭ ᠤᠨ ᠰᠠᠢ᠌ᠬᠠᠨ ᠮᠤᠩᠭ᠋ᠤᠯ ᠳᠠᠭᠠᠨ ᠳᠦᠷᠦᠭᠦ ᠦᠭᠡᠶ ᠶᠠᠭᠠᠭᠢᠬᠤ ᠶᠤᠮ ᠪᠣᠢ ᠡᠭᠡ ᠣᠷᠤᠨ ᠡ

ᠳᠤᠷᠤᠨ᠎ᠠ ᠵᠥᠭ᠌ ᠤᠨ ᠰᠠᠷᠠ ᠨᠢ ᠰᠢᠯᠦᠭ᠌ ᠣᠩᠰᠢᠵᠤ ᠭᠡᠷᠡᠯᠳᠦᠭ᠍ᠰᠡᠨ

ᠳᠤᠯᠤᠭᠠᠨ ᠪᠣᠷᠬᠠᠨ ᠳᠠᠨ ᠳᠤᠷ ᠰᠥᠭᠦᠷᠭᠦ ᠦᠭᠡᠶ ᠶᠠᠭᠠᠭᠢᠬᠤ ᠶᠤᠮ ᠪᠣᠢ ᠳᠡᠭ᠍ᠷᠢ ᠡ

ᠠᠮᠢᠳᠤ ᠶᠠᠪᠣᠬᠤ ᠶᠢᠨ ᠣᠴᠢᠷ ᠢ ᠨᠠᠳᠠᠳᠤ ᠭᠡᠯᠡᠭ᠍ᠰᠡᠨ ᠪᠣᠯᠬᠤᠷ ᠴᠢᠨᠢ

ᠠᠮᠢᠳᠤᠷᠠᠯ ᠤᠨ ᠬᠠᠨᠢ ᠴᠢᠮ᠎ᠠ ᠳᠠᠭᠠᠨ ᠬᠠᠢ᠌ᠷ᠎ᠠ ᠦᠭᠡᠶ ᠶᠠᠭᠠᠭᠢᠬᠤ ᠶᠤᠮ ᠪᠣᠢ ᠰᠤᠯᠤᠩᠭ᠋ᠤᠸ᠎ᠠ︕

ᠪᠢ ᠳᠤᠷᠠᠯᠠᠯ ᠰᠢᠭ ᠠᠰᠠᠵᠤ ᠴᠢᠮ᠎ᠠ ᠣᠷᠤᠭᠤ ᠪᠠᠨ

ᠪᠢ ᠳᠠᠭᠤᠤ ᠰᠢᠭ ᠣᠶᠠᠩᠭ᠋ᠠᠷᠠᠵᠤ ᠴᠢᠮ᠎ᠠ ᠣᠷᠤᠭᠤ ᠪᠠᠨ

ᠪᠢ ᠠᠳᠤᠭᠤ ᠰᠢᠭ ᠳᠠᠪᠭᠢᠵᠤ ᠴᠢᠮ᠎ᠠ ᠣᠷᠤᠭᠤ ᠪᠠᠨ

ᠪᠢ ᠠᠢ᠌ᠷᠠᠭ ᠰᠢᠭ ᠡᠰᠦᠵᠤ ᠴᠢᠮ᠎ᠠ ᠣᠷᠤᠭᠤ ᠪᠠᠨ᠁

ᠵᠤᠬᠢᠶᠠᠭᠴᠢ᠄ ᠢ᠊·ᠮᠥᠩᠬᠡ‍ᠡᠷᠳᠡᠨᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2716
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ