ᠨᠡᠪᠲᠡᠷᠡᠨ ᠤᠷᠤᠬᠤ
ᠡᠷᠳᠡ ᠨᠠᠮᠤᠷ ᠤᠨ ᠭᠢᠷᠠᠭᠤ

ᠶᠠᠳᠠᠭᠤᠬᠠᠨ ᠠᠮᠢᠳᠤᠷᠠᠯ ᠤᠨ ᠪᠢᠳᠡᠭᠦᠭᠡᠨ ᠵᠠᠶᠠᠭᠠᠨ ᠳᠠᠭᠠᠨ ᠪᠢᠳᠠ ᠳᠠᠨᠢᠯᠴᠠᠭᠰᠠᠨ ᠶᠤᠮ

ᠶᠠᠭᠠᠭᠢᠬᠤ ᠶᠢᠨ ᠠᠷᠭ᠎ᠠ ᠦᠭᠡᠶ ᠬᠠᠢ᠌ᠷ᠎ᠠ ᠶᠢᠨ ᠣᠴᠢ ᠳᠠᠭᠠᠨ ᠪᠢᠳᠠ ᠨᠤᠴᠤᠭᠰᠠᠨ ᠶᠤᠮ

ᠳᠠᠯ᠎ᠠ ᠳᠠᠯ᠎ᠠ ᠶᠢᠨ ᠭᠦᠯᠢᠶᠡᠰᠤ ᠶᠢ ᠭᠦᠰᠢᠵᠤ ᠠᠮᠢᠳᠤᠷᠠᠯ ᠡᠭᠢᠯᠡᠭ᠍ᠰᠡᠨ ᠶᠤᠮ

ᠳᠠᠪᠢᠯᠠᠩ ᠭᠡᠳᠡᠭ᠌ ᠢ ᠣᠬᠠᠭᠠᠯ ᠦᠭᠡᠶ ᠳᠠᠮᠢᠷᠳᠠᠵᠤ ᠪᠢᠳᠠ ᠵᠢᠳᠭᠦᠭ᠍ᠰᠡᠨ ᠶᠤᠮ


ᠭᠦᠤ ᠲᠡᠶ ᠪᠣᠯᠤᠯ᠎ᠠ ᠭᠡᠵᠤ ᠭᠦᠭ᠍ᠰᠡᠵᠤ ᠪᠢ ᠪᠠᠶᠠᠷᠯᠠᠳᠠᠭ ᠶᠤᠮ

ᠭᠦᠮᠤᠨ ᠤ ᠵᠡᠷᠭᠡ ᠲᠡᠶ ᠠᠮᠢᠳᠤᠷᠠᠬᠤ ᠨᠢ ᠭᠡᠵᠤ ᠭᠦᠭᠡᠷᠴᠤ ᠴᠢ ᠶᠠᠷᠢᠳᠠᠭ ᠶᠤᠮ

ᠠᠮᠢᠳᠤᠷᠠᠯ ᠢᠩᠭᠢᠭᠡᠳ ᠵᠢᠷᠭᠠᠯ ᠲᠡᠶ ᠡᠭᠢᠯᠡᠭᠦ ᠨᠢ ᠭᠡᠵᠤ ᠪᠢ ᠰᠠᠮ ᠠᠭᠤᠵᠢᠷᠠᠳᠠᠭ ᠶᠤᠮ

ᠠᠯᠪᠢᠨ ᠴᠢᠳᠭᠦᠷ ᠲᠡᠶ ᠰᠢᠭ᠌ ᠬᠤᠪᠢᠷᠠᠵᠤ ᠢᠷᠡᠭᠦ ᠶᠢ ᠨᠢ ᠳᠠᠩᠴᠤ ᠶᠠᠷᠤ ᠪᠣᠳᠤᠳᠠᠭ ᠦᠭᠡᠶ ᠶᠤᠮ


ᠦᠪ ᠭᠦᠷᠦᠩᠭᠡ ᠨᠢ ᠭᠦᠡᠳᠦᠷᠡᠭᠦᠯᠡᠷ ᠦᠵᠡᠯ ᠴᠢᠨᠠᠷ ᠥᠭᠡᠷᠡᠳᠡᠨ᠎ᠡ

ᠦᠨᠡᠨ ᠴᠠᠭᠠᠨ ᠢ ᠴᠠᠭᠠᠨ᠎ᠠ ᠪᠠᠨ ᠳᠠᠶᠠᠭᠳᠠᠵᠤ ᠰᠠᠢ᠌ᠮᠰᠤᠷ ᠦᠭᠡᠶ ᠭᠡᠢ᠌ᠭᠡᠨ᠎ᠡ

ᠠᠭᠠᠯᠢ ᠠᠷᠠᠠᠰᠢᠨ ᠨᠢ ᠡᠷᠡᠰ ᠲᠤᠢ᠌ᠯᠰᠢᠷᠠᠵᠤ ᠠᠷᠤ ᠦᠪᠣᠷ ᠦᠭᠡᠶ ᠶᠠᠩᠰᠢᠨ᠎ᠠ

ᠠᠷᠠᠢ ᠳᠡᠩᠭᠡᠭᠡ ᠪᠠᠨ ᠮᠠᠳᠠᠯ ᠦᠭᠡᠶ ᠦᠷᠦᠭᠡᠯ ᠲᠡᠶ ᠵᠢᠱᠢᠵᠤ ᠣᠷᠤᠯᠳᠤᠨ᠎ᠠ


ᠬᠤᠳᠠ ᠭᠦᠳᠡᠭᠡ ᠶᠢᠨ ᠢᠯᠭᠠᠭ᠎ᠠ ᠭᠡᠵᠤ ᠬᠤᠨᠤᠭ ᠤᠨ ᠵᠠᠢ ᠳᠤ ᠮᠠᠷᠭᠤᠯᠳᠤᠨ᠎ᠠ

ᠬᠤᠯᠠ ᠤᠢ᠌ᠷ᠎ᠡ ᠶᠢᠨ ᠰᠠᠳᠤᠨ ᠭᠡᠵᠤ ᠬᠤᠩᠰᠢᠶᠠᠷ ᠠᠮᠠ ᠵᠦᠷᠢᠯᠳᠤᠨ᠎ᠡ

ᠬᠤᠪᠳᠤᠯ ᠵᠢᠷᠦᠭᠡᠨ ᠤ ᠪᠣᠳᠤᠯ ᠵᠦᠷᠢᠵᠤ ᠪᠣᠷᠤᠭᠤ ᠵᠥᠭ᠌ ᠲᠡᠭᠡᠨ ᠵᠠᠮᠨᠠᠨ᠎ᠠ

ᠬᠤᠤᠰ ᠠᠮᠠᠷᠠᠭ ᠤᠨ ᠰᠠᠨᠠᠭ᠎ᠠ ᠰᠠᠯᠠᠭᠠᠯᠠᠵᠤ ᠬᠤᠶᠠᠷ ᠳᠠᠢ᠌ᠰᠢ ᠮᠤᠷᠣᠢ᠌ᠨ᠎ᠠ


ᠠᠶᠠᠷᠯᠠᠬᠤ ᠶᠢᠨ ᠰᠢᠯᠳᠠᠭ ᠢ ᠠᠷᠠᠵᠠᠨ ᠳᠤ ᠨᠠᠢ᠌ᠳᠠᠵᠤ ᠳᠠ ᠶᠠᠪᠣᠯ᠎ᠠ

ᠠᠷᠪᠠᠨ ᠪᠣᠶᠠᠨ ᠤ ᠨᠢᠭᠡ ᠶᠢ ᠊ᠭ᠍‍ᠬᠢᠷᠳᠦᠭᠡᠵᠤ ᠪᠢ ᠬᠤᠴᠤᠷᠤᠯ᠎ᠠ

ᠠᠭᠢᠭᠠᠤᠨ ᠢᠷᠡᠭᠦ ᠠᠮᠢᠳᠤᠷᠠᠯ ᠳᠠᠭᠠᠨ ᠪᠦᠳᠤᠨ ᠵᠢᠷᠭᠠᠯ ᠲᠡᠶ ᠪᠠᠢ᠌ᠭᠠᠰᠠᠢ

ᠠᠭᠠᠭ ᠲᠡᠶ ᠪᠣᠷᠠᠮ ᠲᠡᠶ ᠬᠤᠷᠸ᠎ᠠ ᠶᠢ ᠰᠠᠷᠠᠵᠤ ᠳᠤᠩᠭ᠋ᠠᠭᠠᠵᠤ ᠶᠠᠪᠣᠭᠠᠷᠠᠢ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 10 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ