☆ ᠯ·ᠪᠠᠶᠠᠠᠵᠢᠷᠭᠠᠯ
ᠰᠦᠨᠢ
1
ᠭᠦᠰᠡᠯ ᠡᠷᠡᠮᠡᠯᠵᠡᠯ ᠮᠢᠨᠢ ᠶᠠᠭ ᠯᠠ
ᠬᠠᠷ᠎ᠠ ᠰᠠᠯᠭᠢᠨ ᠳᠤ ᠬᠣᠢ᠌ᠯᠠᠷᠠᠬᠤ
ᠬᠤᠭ ᠨᠤᠪᠰᠢ ᠰᠢᠭ᠌ ᠭᠡᠢ᠌ᠰᠤᠨ᠎ᠡ
ᠬᠠᠢ᠌ᠷ᠎ᠠ ᠳᠤᠷᠠᠯᠠᠯ ᠮᠢᠨᠢ ᠶᠠᠭ ᠯᠠ
ᠭᠦᠡᠵᠢᠯᠡ ᠳᠡᠭᠡᠨ ᠪᠠᠭᠡᠷᠡᠭ᠍ᠰᠡᠨ ᠰᠦᠨᠢ ᠵᠢᠨ
ᠬᠠᠳᠠᠭᠰᠠᠨ ᠭᠦᠭᠦ ᠰᠢᠭ᠌ ᠬᠠᠮᠰᠢ᠌ᠨᠠ
ᠦᠵᠡᠯ ᠰᠠᠨᠠᠭ᠎ᠠ ᠮᠢᠨᠢ ᠭᠠᠭᠴᠠᠭᠠᠷ ᠯᠠ
ᠠᠯᠤᠰ ᠲᠤ ᠰᠡᠭᠦᠢᠭᠦ ᠪᠣᠩᠬᠤᠨ ᠰᠢᠭ
ᠥᠭᠦᠯ ᠤᠨ ᠳᠠᠭᠤᠤ ᠶᠢ ᠴᠢᠪᠠᠭᠳᠠᠨᠠ᠃
2
ᠬᠤᠯᠠᠭᠠᠢ᠌ᠴᠢ ᠮᠤᠤᠷ ᠤᠨ ᠨᠢᠳᠤ ᠤᠳ
ᠬᠣᠢ᠌ᠨ᠎ᠠ ᠬᠣᠢ᠌ᠨ᠎ᠠ ᠡᠴᠠ ᠪᠠᠨ ᠮᠦᠷᠯᠡᠭ᠍ᠰᠡᠨ ᠶᠤᠮ ᠰᠢᠭ᠌
ᠬᠤᠳᠠ ᠵᠡᠭᠡᠯᠢ ᠶᠢᠨ ᠳ᠋ᠸᠩ ᠨᠤᠭᠦᠳ
ᠭᠦᠢᠳᠡᠨ ᠴᠡᠩᠭᠡᠷ ᠭᠢᠯᠪᠠᠭ᠎ᠠ ᠳᠠᠳᠠᠨ᠎ᠠ
ᠣᠩᠭ᠋ᠤᠨ ᠳᠠᠭᠠᠨ ᠡᠭᠦᠷᠯᠡᠭ᠍ᠰᠡᠨ ᠬᠤᠯᠤᠭᠠᠨ᠎ᠠ ᠰᠢᠭ
ᠣᠯᠠᠨ ᠣᠯᠤᠰ ᠤᠳ ᠵᠡᠭᠡᠯᠢ ᠪᠠᠷ ᠭᠦᠶᠦᠯᠳᠤᠨᠡ
ᠣᠯᠬᠤ ᠳᠤ ᠭᠦᠶᠤᠨ᠎ᠡ᠂ ᠦᠭᠭᠦ ᠳᠤ ᠶᠠᠪᠣᠨ᠎ᠠ
ᠡᠴᠦᠰ ᠲᠡᠭᠡᠨ ᠪᠦᠷ ᠳᠠᠮᠤ ᠳᠤ ᠶᠠᠪᠣᠨ᠎ᠠ
3
ᠴᠢᠩ ᠬᠠᠢ᠌ᠷ᠎ᠠ ᠶᠢᠨ ᠳᠠᠭᠤᠤ ᠮᠢᠨᠢ
ᠴᠢᠦᠡᠭᠦᠷ ᠤᠨ ᠵᠢᠷᠦᠭᠡ ᠶᠢ ᠴᠢᠪᠠᠭᠳᠠᠨᠠ
ᠢᠨᠢᠶᠠᠳᠤ ᠪᠠᠨ ᠡᠯᠡᠭᠯᠡᠭ᠍ᠰᠡᠨ ᠮᠦᠰᠢᠶᠠᠯ ᠡᠴᠠ ᠴᠢᠨᠢ
ᠥᠭᠦᠭ᠍ᠰᠡᠨ ᠵᠢᠷᠦᠭᠡ ᠪᠠᠨ ᠱᠥᠭᠦᠨᠡ
ᠴᠢᠪ ᠬᠠᠷᠠᠩᠭ᠋ᠤᠢ ᠰᠦᠨᠢ ᠳᠡᠭᠡᠷ᠎ᠡ ᠴᠢᠨᠢ
ᠴᠡᠩᠭᠡᠨ᠎ᠡ ᠭᠡᠵᠤ ᠣᠴᠢᠭᠰᠠᠨ ᠪᠠᠶ᠎ᠠ ᠡᠨᠡ︕
ᠴᠢᠷᠮᠠᠨ ᠨᠢᠴᠦᠭᠦᠨ ᠥᠭᠦᠳᠡᠯ ᠳᠡᠭᠡᠷ᠎ᠡ ᠴᠢᠨᠢ
ᠴᠢᠮ᠎ᠠ ᠳᠤ ᠭᠡᠵᠤ ᠣᠴᠢᠭᠰᠠᠨ ᠰᠡᠳᠭᠢᠯ ᠡᠨᠡ︕
ᠵᠤᠬᠢᠶᠠᠭᠴᠢ ᠶᠢᠨ ᠬᠠᠶᠢᠭ ᠄ ᠠᠷᠤ ᠬᠤᠷᠴᠢᠨ ᠬᠤᠰᠢᠭᠤᠨ ᠤ ᠠᠷᠠᠤᠨ ᠤᠨ ᠶᠠᠪᠣᠳᠠᠯ ᠤᠨ ᠳᠤᠪᠴᠢᠶ᠎ᠠ
ᠵᠤᠬᠢᠶᠠᠭᠴᠢ᠄ ᠯ·ᠪᠠᠶᠠᠠᠵᠢᠷᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ