☆ ᠡ᠊·ᠳᠠᠮᠤᠷ
ᠨᠠᠷᠠ ᠲᠡᠶ ᠭᠠᠵᠠᠷ ᠡᠴᠡ ᠴᠢᠳᠭᠦᠷ ᠴᠤ ᠠᠶᠤᠳᠠᠭ
᠊᠊᠊᠊᠊᠊᠊᠊᠊᠊᠊᠊᠊᠊᠊ ᠳᠤᠮᠳᠠᠳᠤ ᠣᠯᠤᠰ ᠤᠨ ᠡᠪ ᠬᠠᠮᠳᠤ ᠨᠠᠮ ᠪᠠᠢ᠌ᠭᠤᠯᠤᠭᠳᠠᠭᠰᠠᠨ 90 ᠵᠢᠯ ᠤᠨ ᠣᠢ ᠶᠢᠨ ᠪᠠᠶᠠᠷ ᠲᠤ
ᠪᠠᠢ᠌ᠭᠠᠯᠢ ᠶᠢᠨ ᠰᠤᠳᠤᠨ ᠵᠢᠷᠤᠭ ᠳᠤᠳᠤᠷᠠᠭᠤᠯᠵᠤ
ᠨᠠᠷᠠ ᠮᠥᠩᠭᠡ ᠳᠦᠷᠠᠯᠵᠠᠨ᠎ᠠ
ᠪᠠᠶᠠᠵᠢᠯ ᠤᠨ ᠴᠡᠩᠭᠡᠷ ᠬᠠᠷᠭᠤᠢ ᠳᠤᠨᠤᠯᠵᠠᠭᠤᠯᠵᠤ
ᠨᠠᠮ ᠦᠨᠢᠳᠠ ᠳᠤᠶᠠᠭᠠᠷᠠᠨ᠎ᠠ
ᠦᠷᠯᠦᠭᠡ ᠶᠢᠨ ᠳᠤᠶᠠᠭ᠎ᠠ ᠰᠦ᠋ ᠪᠠᠷ ᠢᠪᠢᠯᠵᠤ
ᠦᠷᠯᠦᠭ᠌ ᠣᠢ᠌ᠯᠠᠰ ᠶᠢᠡᠨ ᠳᠠᠯᠠᠯᠤᠨ ᠮᠢᠯᠢᠶᠠᠵᠤ
ᠥᠭ᠍ᠭᠢᠶᠡᠮᠦᠷ ᠬᠤᠷ᠎ᠠ ᠨᠤᠭᠤᠭᠠᠨ ᠶᠢᠡᠷ ᠠᠮᠢᠰᠬᠤᠯᠠᠵᠤ
ᠦᠷᠤᠴᠠᠨ ᠤ ᠮᠢᠨᠢ ᠳᠠᠯ᠎ᠠ ᠶᠢ ᠰᠠᠷᠠᠭᠤᠯᠵᠢᠭᠤᠯᠤᠭᠰᠠᠨ ᠶᠤᠮ
ᠭᠦᠰᠡᠯ ᠤᠨ ᠰᠤᠷ ᠲᠡᠶ ᠠᠶᠠᠨ ᠤ ᠳᠦᠷᠦᠭᠡᠨ ᠳᠤ
ᠭᠦᠭ᠍ᠵᠢᠯ ᠤᠨ ᠴᠡᠴᠡᠭ᠌ ᠢ ᠳᠡᠯᠭᠡᠷᠡᠭᠦᠯᠦᠭ᠍ᠰᠡᠨ ᠶᠤᠮ
ᠭᠦᠮᠤᠨ ᠵᠤᠨ ᠤ ᠪᠠᠨ ᠠᠮᠢᠳᠤᠷᠠᠯ ᠤᠨ ᠣᠷᠴᠢᠨ ᠳᠤ
ᠭᠦᠷ ᠤᠨ ᠨᠤᠲ᠋ ᠶᠢ ᠰᠡᠢ᠌ᠯᠪᠦᠷᠢᠯᠡᠭ᠍ᠰᠡᠨ ᠶᠤᠮ
ᠭᠠᠴᠢᠭ ᠣᠨ ᠤ ᠥᠵᠢᠷᠡᠭ᠍ᠰᠡᠨ ᠰᠠᠯᠠᠭᠠᠨ ᠡᠴᠡ
ᠭᠠᠩᠭ᠋ᠠᠩ ᠴᠡᠴᠡᠭ᠌ ᠢ ᠮᠥᠰᠢᠶᠡᠯᠭᠡᠭ᠍ᠰᠡᠨ ᠶᠤᠮ
ᠭᠠᠯᠪᠠ ᠶᠢᠨ ᠭᠠᠯᠪᠠ ᠳᠠᠭᠤᠯᠠᠭᠠᠤᠨ ᠰᠠᠭᠤᠮᠠᠷ
ᠭᠠᠢ᠌ᠬᠠᠮᠰᠢᠭᠳᠤ ᠭᠠᠪᠢᠶ᠎ᠠ ᠶᠢ ᠪᠦᠳᠦᠭᠡᠭ᠍ᠰᠡᠨ ᠶᠤᠮ
ᠲ᠋ᠡᠯᠭᠡᠵᠤ ᠳᠠᠯᠪᠢᠭᠰᠠᠨ ᠴᠠᠭᠠᠨ ᠴᠠᠭᠠᠰᠤᠨ ᠳᠤ
ᠵᠢᠷᠤᠭᠳᠠᠬᠤ ᠨᠠᠷᠠᠨ ᠴᠢ ᠪᠠᠢ᠌ᠯ᠎ᠠ ᠊᠊᠊᠊᠊᠊᠊᠊᠊᠊᠊᠊᠊᠊᠊ ᠨᠠᠮ ᠮᠢᠨᠢ
ᠳᠤᠮᠤᠭᠵᠢᠵᠤ ᠮᠥᠩᠭᠡᠷᠡᠭᠦ ᠳᠡᠦᠭᠡᠨ ᠬᠠᠭᠤᠳᠠᠰᠤᠨ ᠳᠤ
ᠳᠦᠷᠡᠯᠵᠡᠭᠦ ᠭᠠᠯ ᠴᠢ ᠪᠠᠢ᠌ᠯ᠎ᠠ ᠊᠊᠊᠊᠊᠊᠊᠊᠊᠊᠊᠊᠊᠊᠊ ᠨᠠᠮ ᠮᠢᠨᠢ
ᠵᠤᠬᠢᠶᠠᠭᠴᠢ ᠶᠢᠨ ᠬᠠᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2011 ᠤᠨ ᠤ 06 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ