ᠨᠡᠪᠲᠡᠷᠡᠨ ᠤᠷᠤᠬᠤ
ᠨᠤᠶᠠᠨ ᠳᠠᠪᠠᠭ᠎ᠠ ᠮᠢᠨᠤ

᠊᠊᠊᠊᠊᠊᠊᠊᠊᠊᠊᠊᠊᠊᠊᠊᠊᠊᠊᠊ ᠭᠡᠷᠴᠢᠯᠡᠭᠤ ᠨᠤᠳᠤᠭ ᠤᠨ ᠡᠮᠦᠨ᠎ᠡ ᠪᠠᠶ᠎ᠠ ᠳᠤ

ᠪᠠᠢ᠌ᠷᠢᠯᠠᠵᠤ ᠪᠠᠢ᠌ᠭ᠎ᠠ ᠪᠠᠷᠳᠠᠭᠠᠳᠤ ᠳᠠᠪᠠᠭ᠎ᠠ

ᠮᠢᠩᠭ᠋ᠠᠨ ᠳᠤᠬᠤᠢ ᠶᠢᠨ ᠠᠰᠬ᠎ᠠ᠂ ᠵᠠᠭᠤᠨ ᠠᠯᠳᠠ ᠶᠢᠨ ᠭᠤᠤ

ᠮᠤᠷᠤᠢ ᠰᠠᠷᠤᠢ᠂ ᠵᠠᠮ ᠤᠨ ᠬᠤᠶᠠᠷ ᠭᠦᠪᠠᠭᠡ

ᠳᠦᠷᠪᠡᠨ ᠴᠠᠭ ᠤᠨ ᠰᠠᠯᠭᠢ ᠴᠤ ᠨᠢᠭᠡ ᠰᠠᠷ᠎ᠠ ᠳᠦᠳᠡᠳᠡᠭ᠌

ᠳᠡᠭ᠍ᠷᠢ ᠭᠠᠵᠠᠷ ᠢ ᠭᠡᠷᠦᠭ᠍ᠰᠡᠨ ᠨᠤᠶᠠᠨ ᠳᠠᠪᠠᠭ᠎ᠠ ᠮᠢᠨᠤ ᠊᠊᠊᠊᠊᠊᠊᠊᠊᠊᠊᠊᠊᠊᠊᠊᠊᠊᠊᠊᠊᠊᠊᠊

ᠣᠨᠤᠭ᠎ᠠ ᠮᠠᠭᠤᠳᠤ ᠶᠢᠨ ᠴᠥᠭᠦᠷᠡᠩ ᠳᠤ ᠬᠠᠭᠠᠨ ᠰᠠᠭᠤᠳᠠᠯ ᠲᠡᠶ ᠳᠠᠪᠠᠭ᠎ᠠ

ᠠᠭᠤᠯᠠ ᠠᠭᠤᠯᠠ ᠶᠢᠨ ᠶᠢᠡᠨ ᠳᠤᠭᠠᠯᠠᠩ ᠳᠤ ᠵᠠᠭᠠᠨ ᠤ ᠳᠠᠢ᠌ᠳᠠᠢ ᠳᠠᠪᠠᠭ᠎ᠠ

ᠬᠤᠯᠠ ᠶᠢᠨ ᠪᠠᠷᠠᠭ᠎ᠠ ᠶᠢ ᠣᠢ᠌ᠷᠠᠳᠤᠭᠤᠯᠤᠭᠠᠤᠨ ᠬᠠᠷᠠᠭ᠎ᠠ ᠳᠠᠷᠤᠮ᠎ᠠ ᠳᠠᠪᠠᠭ᠎ᠠ

ᠬᠠᠯᠠᠭᠠᠢ ᠢᠳᠡᠭ᠍ᠰᠡᠨ ᠳᠡᠮᠡᠭᠡ ᠰᠢᠭ᠌ ᠮᠠᠯᠠᠭᠠᠢ ᠣᠨᠠᠮ᠎ᠠ ᠳᠠᠪᠠᠭ᠎ᠠ

ᠭᠦᠤ ᠪᠠᠨ ᠬᠠᠷᠠᠭᠤᠯᠳᠠᠭᠰᠠᠨ ᠡᠵᠢ ᠶᠢᠨ ᠰᠡᠳᠭᠢᠯ ᠤᠨ ᠣᠨᠢ ᠲᠡᠶ ᠳᠠᠪᠠᠭ᠎ᠠ

ᠭᠦᠰᠡᠯ ᠶᠢᠡᠨ ᠬᠠᠷᠢᠭᠤᠯᠤᠭᠰᠠᠨ ᠭᠦᠤ ᠶᠢᠨ ᠢᠳᠡᠭᠡᠯ ᠤᠨ ᠵᠢᠯᠤᠭᠤ ᠲᠡᠶ ᠳᠠᠪᠠᠭ᠎ᠠ

ᠨᠢᠮᠭᠡᠨ ᠪᠠᠩᠵᠠᠯ ᠲᠡᠶ ᠭᠡᠦᠭᠡᠡᠴᠦᠳ ᠡᠩᠭᠡᠷ ᠤᠨ ᠴᠢᠨᠢ ᠨᠦᠮᠦᠷᠢ ᠳᠤ ᠳᠡᠩᠳᠡᠭᠦᠤ

ᠨᠡᠭᠡᠢ ᠳᠠᠪᠠᠯ ᠲᠡᠶ ᠭᠦᠦᠴᠦᠦᠯ ᠠᠷᠤ ᠶᠢᠨ ᠴᠢᠨᠢ ᠰᠡᠭᠦᠳᠡᠷ ᠲᠤ ᠵᠢᠩᠳᠡᠭᠦᠤ

ᠨᠠᠷᠠᠨ ᠤ ᠠᠯᠳᠠᠨ ᠳᠤᠶᠠᠭ᠎ᠠ ᠪᠠᠯ ᠢ ᠴᠢᠨᠢ ᠳᠠᠭᠠᠭᠠᠤᠨ ᠭᠤᠯᠰᠤᠭᠤ

ᠰᠠᠷᠠᠨ ᠤ ᠵᠥᠭᠡᠯᠡᠨ ᠠᠮᠢᠰᠬᠤᠭ᠎ᠠ ᠰᠦᠯ ᠢ ᠴᠢᠨᠢ ᠳᠡᠷᠡᠯᠡᠭᠡᠳ ᠥᠭ᠍ᠰᠦᠭᠦᠤ

ᠢᠮᠠᠭ᠎ᠠ ᠳᠡᠮᠡᠭᠡ ᠴᠥᠷᠭᠦᠯᠡᠭ᠍ᠰᠡᠨ ᠣᠨ ᠴᠠᠭ ᠤᠨ ᠣᠯᠪᠠᠭ᠎ᠠ

ᠶ‍ᠢᠷᠳᠢᠠᠴᠤ ᠶᠢᠨ ᠭᠤᠷᠪᠠᠨ ᠭᠡᠷᠡᠯ ᠤᠨ ᠬᠠᠮᠳᠤ ᠵᠠᠭᠠᠨ ᠤ ᠵᠤ᠋ ᠪᠠᠷ ᠪᠦᠮᠪᠦᠷᠢᠨ᠎ᠡ

ᠠᠴᠢᠶ᠎ᠠ ᠳᠡᠩᠨᠡᠭᠡ ᠳᠤᠭᠢᠳᠠᠢ ᠪᠣᠯ ᠵᠠᠮ ᠤᠨ ᠴᠤᠭᠢᠶ᠎ᠠ ᠳᠤ ᠠᠯᠵᠠᠬᠤ ᠦᠭᠡᠶ

ᠠᠭᠤᠯᠠ ᠶᠢᠨ ᠨᠠᠪᠳᠠᠭ ᠲᠤ ᠦᠷᠢ ᠲᠡᠶ ᠪᠣᠯ ᠭᠤᠤ ᠶᠢᠨ ᠢᠷᠤᠭᠠᠷ ᠲᠤ ᠣᠷᠤ ᠲᠡᠶ

ᠠᠭᠤᠯᠠ ᠣᠰᠤ ᠪᠠᠷ ᠶᠢᠡᠨ ᠳᠤᠭᠯᠠᠵᠤ ᠴᠠᠭᠠᠨ ᠵᠠᠮ ᠣᠷᠤᠰᠬᠠᠨ

ᠣᠷᠭᠢᠯ ᠴᠡᠩᠭᠡᠷ ᠠᠮᠢᠰᠬᠤᠯᠯᠠᠭᠰᠠᠨ ᠭᠦᠮᠤᠨ ᠤ ᠣᠬᠠᠭᠠᠨ ᠭᠡᠢ᠌ᠨ᠎ᠡ

ᠣᠯᠠᠢ ᠬᠠᠢ᠌ᠵᠤ ᠰᠢᠩᠰᠢᠭ᠍ᠰᠡᠨ ᠣᠯᠠᠭᠠᠨ ᠨᠢᠳᠤ ᠭᠡᠷᠦᠵᠤ

ᠣᠶᠠᠬᠠᠨ ᠽᠠᠮᠪᠣᠳᠢᠪ ᠤᠨ ᠭᠠᠷᠤᠴᠠᠨ ᠳᠤ ᠨᠤᠶᠠᠨ ᠳᠠᠪᠠᠭ᠎ᠠ ᠰᠡᠭᠦᠢᠨ᠎ᠡ

ᠠᠭᠤᠯᠠ ᠠᠭᠤᠯᠠ ᠶᠢᠨ ᠶᠢᠠᠨ ᠳᠤᠭᠠᠯᠠᠩ ᠳᠤ ᠵᠠᠭᠠᠨ ᠤ ᠳᠠᠢ᠌ᠳᠠᠢ ᠳᠠᠪᠠᠭ᠎ᠠ

ᠣᠷᠤᠭ᠎ᠠ ᠵᠢᠷᠤᠭ᠎ᠠ ᠣᠴᠢᠯᠠᠩ ᠳᠤ ᠬᠠᠭᠠᠨ ᠤ ᠰᠠᠭᠢᠯᠭ᠎ᠠ ᠲᠡᠶ ᠳᠠᠪᠠᠭ᠎ᠠ

ᠨᠤᠮᠤᠬᠠᠨ ᠠᠷᠠᠤᠨ ᠤᠨ ᠨᠢᠳᠤᠨ ᠳ᠋ᠠᠭᠢ ᠨᠤᠶᠠᠨ ᠳᠠᠪᠠᠭ᠎ᠠ ᠮᠢᠨᠤ

ᠨᠤᠮ ᠦᠭᠡᠶ ᠵᠠᠷᠢᠮ ᠤᠨ ᠠᠳᠬᠤᠨ ᠳ᠋ᠠᠭᠢ 《ᠵᠠᠮ ᠤᠨ ᠳᠠᠪᠠᠭ᠎ᠠ》 ᠪᠣᠶᠤ᠃

ᠵᠤᠬᠢᠶᠠᠭᠴᠢ᠄ ᠭ·ᠮᠥᠩᠭᠡᠳᠡᠯᠭᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2653
ᠴᠠᠭ᠄ 2009 ᠤᠨ ᠤ 03 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ