ᠨᠡᠪᠲᠡᠷᠡᠨ ᠤᠷᠤᠬᠤ
ᠤᠩᠰᠢᠯᠭ᠎ᠠ ᠨᠢ ᠳᠠᠷᠤᠯᠳᠠ ᠶᠢ ᠪᠠᠭᠠᠰᠬᠠᠳᠠᠭ

᠊᠊᠊᠊᠊᠊᠊᠊᠊᠊᠊᠊᠊᠊᠊ ᠨᠤᠮ ᠪᠢᠴᠢᠭ᠌  ᠡᠴᠡ ᠰᠤᠷᠤᠯᠴᠠᠭᠰᠠᠨ ᠳᠡᠮᠳᠡᠭᠯᠡᠯ ᠳᠦᠷᠦᠭ᠍ᠳᠡᠯ


《ᠨᠤᠮ ᠪᠣᠯ ᠶᠠᠷᠳᠢᠠᠴᠤ ᠶᠢ᠌ ᠬᠠᠷᠠᠬᠤ ᠴᠤᠩᠬᠤ》᠂ 《ᠨᠤᠮ ᠮᠡᠳᠡᠭᠦ ᠦᠭᠡᠶ ᠭᠦᠮᠤᠨ ᠵᠡᠮᠳᠡᠭ᠌᠂ ᠶᠤᠰᠤ ᠮᠡᠳᠡᠭᠦ ᠦᠭᠡᠶ ᠭᠦᠮᠤᠨ ᠵᠡᠷᠯᠢᠭ᠌》᠂ 《ᠨᠤᠮ ᠢ ᠪᠢᠳᠡᠭᠡᠢ ᠭᠤᠯᠤ᠂   ᠨᠤᠮᠤᠬᠠᠨ ᠢ ᠪᠢᠳᠡᠭᠡᠢ ᠪᠠᠰᠤ》  ᠭᠡᠭᠦ ᠮᠠᠳᠤ ᠨᠤᠮ ᠪᠢᠴᠢᠭ᠌ ᠤᠨ ᠳᠤᠬᠠᠢ ᠶᠠᠷᠢᠭᠰᠠᠨ ᠥᠭᠡᠰ ᠪᠠᠢ᠌ᠳᠠᠭ᠃   ᠡᠨᠡ ᠨᠢ ᠨᠤᠮ ᠪᠢᠴᠢᠭ᠌ ᠤᠨ ᠠᠴᠢ ᠳᠤᠰᠠ᠂ ᠢᠳᠠ ᠭᠦᠴᠤᠨ ᠢ ᠥᠭᠦᠯᠡᠭ᠍ᠰᠡᠨ ᠣᠴᠢᠷ ᠪᠣᠯᠬᠤ ᠪᠢᠯᠠ︕

ᠨᠤᠮ ᠪᠢᠴᠢᠭ᠌ ᠤᠨ ᠠᠴᠢ ᠳᠤᠰᠠ᠂ ᠢᠳᠠ ᠭᠦᠴᠤᠨ ᠥᠨᠡᠭᠡᠷ ᠶᠡᠭᠡ ᠪᠠᠢ᠌ᠳᠠᠭ︕ ᠡᠭᠦᠨ ᠳᠤ᠂ ᠨᠤᠮ ᠪᠢᠴᠢᠭ᠌ ᠣᠩᠰᠢᠬᠤ ᠡᠴᠡ ᠣᠯᠵᠤ ᠭᠦᠷᠳᠡᠭᠦ ᠠᠴᠢ ᠳᠤᠰᠠ ᠪᠣᠯ ᠨᠠᠯᠢᠶᠠᠤᠨ ᠨᠡᠢ᠌ᠳᠡᠯᠢᠭ᠌ ᠳᠤᠪᠣᠢ᠌ᠯᠢᠭ ᠪᠠᠢ᠌ᠳᠠᠭ︕

ᠭᠠᠳᠠᠭᠠᠳᠤ ᠶᠢᠨ ᠡᠷᠳᠡᠮᠳᠡᠳ ᠤᠨ ᠰᠤᠳᠤᠯᠤᠭᠰᠠᠨ ᠶᠢᠡᠷ᠂   ᠠᠯᠢᠪᠠ ᠴᠢᠯᠦᠭᠡᠳᠤ ᠭᠦᠳᠡᠯᠭᠡᠭᠡᠨ ᠤ ᠳᠤᠳᠤᠷ᠎ᠠ᠂ ᠣᠩᠰᠢᠯᠭ᠎ᠠ (ᠨᠤᠮ ᠪᠢᠴᠢᠭ᠌ ᠣᠩᠰᠢᠬᠤ) ᠨᠢ ᠭᠦᠮᠦᠰ ᠤᠨ ᠰᠡᠳᠭᠢᠯ ᠰᠠᠨᠠᠭ᠎ᠠ ᠶᠢ᠌ ᠳᠠᠢ᠌ᠪᠣᠰᠢᠷᠠᠭᠤᠯᠵᠤ᠂ ᠳᠠᠷᠤᠯᠳᠠ (ᠰᠡᠳᠭᠢᠯ ᠰᠠᠨᠠᠭᠠᠨ ᠤ ᠳᠠᠷᠤᠭᠠᠰᠤ)  ᠵᠢ᠌ ᠪᠠᠭᠤᠷᠠᠭᠤᠯᠬᠤ ᠪᠠᠷ ᠬᠠᠮᠤᠭ ᠰᠠᠢ᠌ᠨ ᠭᠡᠨ᠎ᠡ᠃

ᠰᠤᠳᠤᠯᠤᠯᠳᠠ ᠡᠴᠡ ᠦᠵᠡᠪᠠᠯ᠂ 6 ᠮᠢᠨᠦ᠋ᠲ᠋ ᠨᠤᠮ ᠤᠩᠰᠢᠪᠠᠯ᠂   ᠭᠦᠮᠤᠨ ᠤ ᠪᠠᠶ᠎ᠠ ᠰᠠᠳᠭᠢᠴᠠ ᠳ᠋ᠠᠭᠢ  ᠲ᠋ᠠᠷᠤᠯᠳᠠ (ᠲ᠋ᠠᠷᠤᠭᠠᠰᠤ)  68% ᠪᠠᠷ ᠪᠠᠭᠤᠷᠠᠨ᠎ᠠ᠃ ᠭᠡᠳᠡᠯ᠎ᠡ 6 ᠮᠢᠨᠦ᠋ᠲ᠋ ᠳᠠᠭᠤᠤ ᠭᠦᠭ᠍ᠵᠢᠮ ᠰᠤᠨᠤᠰᠪᠠᠯ 61% ᠵᠢᠡᠷ᠂ ᠴᠠᠢ ᠪᠣᠶᠤ ᠺᠤᠹᠧ ᠣᠤᠭᠤᠪᠠᠯ 54% ᠵᠢᠠᠷ᠂ ᠰᠤᠯᠠ ᠠᠯᠬᠤᠯᠠᠪᠠᠯ 42% ᠵᠢᠡᠷ ᠳᠤᠰ ᠳᠤᠰ ᠪᠠᠭᠤᠷᠠᠨ᠎ᠠ᠃

ᠶᠠᠭᠠᠭᠢᠭᠠᠤᠨ ᠡᠢ᠌ᠮᠤ ᠵᠦᠷᠢᠶᠠᠨ ᠲᠡᠶ ᠪᠠᠢ᠌ᠳᠠᠯ ᠭᠠᠷᠤᠭᠰᠠᠨ ᠪᠤᠢ︖   ᠭᠡᠪᠠᠯ᠂ ᠭᠦᠮᠦᠰ ᠨᠤᠮ ᠪᠢᠴᠢᠭ᠌ ᠣᠩᠰᠢᠪᠠᠯ᠂ ᠪᠦᠭᠦᠳᠡ ᠠᠩᠬᠠᠷᠤᠯ ᠨᠢ ᠥᠰᠦᠭ᠌ ᠪᠢᠴᠢᠭ᠌ ᠳᠡᠭᠡᠷ᠎ᠡ ᠳᠦᠪᠯᠡᠷᠡᠴᠢᠭᠡᠳᠡᠭ᠌ ᠪᠣᠯᠬᠤᠷ᠂   ᠠᠯᠢᠪᠠ ᠶᠠᠭᠤᠮ᠎ᠠ ᠶᠢ ᠦᠨᠳᠦᠰᠦᠨ ᠳᠡᠭᠡᠨ ᠮᠠᠷᠳᠠᠭᠠᠤᠨ ᠣᠷᠭᠢᠴᠢᠬᠠᠨ᠎ᠠ᠃ ᠢᠩᠭᠢᠭᠦᠯᠡᠷ ᠰᠡᠳᠭᠢᠯ ᠰᠠᠨᠠᠭ᠎ᠠ ᠨᠢ ᠳᠠᠢ᠌ᠪᠣᠰᠢᠷᠠᠵᠤ᠂ ᠪᠣᠳᠤᠴᠠ ᠰᠠᠳᠭᠢᠴᠠ ᠨᠢ ᠴᠢᠯᠦᠭᠡᠯᠡᠭ᠍ᠳᠡᠵᠤ᠂ ᠰᠠᠠᠳᠤᠷᠴᠤ ᠪᠠᠴᠢᠮᠳᠠᠭᠰᠠᠨ ᠰᠡᠳᠬᠢᠯᠭᠡ ᠨᠢ ᠨᠠᠮᠵᠢᠨ᠎ᠠ ᠭᠡᠨ᠎ᠡ᠃

ᠦᠨᠡᠳᠠᠢ ᠰᠤᠳᠤᠯᠤᠯ᠂   ᠦᠷᠳᠡᠭ᠌ ᠲᠡᠶ ᠦᠵᠡᠯᠳᠠ︕

ᠨᠤᠮ ᠪᠢᠴᠢᠭ᠌ ᠣᠩᠰᠢᠬᠤ ᠪᠣᠯ ᠭᠦᠮᠦᠰ ᠤᠨ ᠪᠠᠶ᠎ᠠ ᠰᠠᠳᠭᠢᠴᠠ ᠶᠢᠨ ᠳᠠᠷᠤᠭᠠᠰᠤ ᠴᠢᠯᠡᠭᠡ ᠪᠠᠨ ᠳᠠᠢ᠌ᠯᠠᠵᠤ ᠭᠦᠩᠭᠡᠯᠡᠭᠦ ᠬᠠᠮᠤᠭ ᠤᠨ ᠳᠤᠭᠢᠷᠠᠮᠵᠢᠳᠠᠢ ᠠᠷᠭ᠎ᠠ᠂ ᠵᠤᠭᠢᠮᠵᠢᠳᠠᠢ ᠭᠦᠳᠡᠯᠭᠡᠭᠡᠨ ᠶᠤᠮ ᠪᠠᠢ᠌ᠨ᠎ᠡ᠃   ᠡᠨᠡ ᠠᠷᠭ᠎ᠠ᠂ ᠭᠦᠳᠡᠯᠭᠡᠭᠡᠨ ᠶᠠᠷᠤ ᠨᠢ  ᠪᠣᠯᠬᠤ ᠶᠠᠭᠤᠮ᠎ᠠ︕ ᠰᠠᠢ᠌ᠨ ᠠᠷᠭ᠎ᠠ᠂ ᠰᠠᠢ᠌ᠬᠠᠨ ᠭᠦᠳᠡᠯᠭᠡᠭᠡᠨ᠃ ᠨᠤᠮ ᠪᠢᠴᠢᠭ᠌ ᠣᠩᠰᠢᠬᠤ ᠳᠤᠷᠠᠳᠠᠢ ᠭᠦᠮᠤᠨ ᠳᠤ ᠪᠣᠯ ᠶᠠᠭ ᠳᠤᠭᠢᠷᠠᠭᠰᠠᠨ ᠠᠷᠭ᠎ᠠ  ᠃ ᠨᠤᠮ ᠪᠢᠴᠢᠭ᠌ ᠣᠩᠰᠢᠬᠤ ᠳᠤᠷᠠᠰᠢᠯ ᠦᠭᠡᠶ ᠠᠮᠢᠳᠠᠨ ᠳᠤ ᠪᠣᠯ  《ᠨᠣᠢ᠌ᠷ ᠢ ᠪᠠᠷᠠᠭᠠᠵᠤ ᠬᠤᠭᠤᠯᠠ ᠶᠢ ᠬᠤᠯᠠᠳᠤᠭᠤᠯᠬᠤ ᠭᠡᠷᠡᠭ᠌  》᠃ ᠭᠡᠰᠡᠨ ᠴᠤ᠂ ᠨᠤᠮ ᠪᠢᠴᠢᠭ᠌ ᠲᠡᠶ ᠨᠥᠭᠦᠷᠯᠡᠭᠦᠯᠵᠤ᠂   ᠰᠤᠶᠤᠯ ᠪᠣᠯᠪᠠᠰᠤᠷᠠᠯ ᠲᠡᠶ ᠪᠣᠯᠭᠠᠬᠤ ᠵᠠᠮ ᠶᠢᠡᠷ ᠶᠠᠪᠣᠭᠤᠯᠬᠤ ᠵᠠᠮ ︕ ᠭᠦᠳᠦᠯᠭᠦ ᠵᠢᠮ︕    ᠁

ᠨᠤᠮ ᠪᠢᠴᠢᠭ᠌ ᠢᠯᠡᠭᠦᠭᠡᠨ ᠣᠩᠰᠢᠵᠠᠭᠠᠵᠤ᠂ ᠳᠠᠷᠤᠭᠠᠰᠤ ᠴᠢᠯᠡᠭᠡ ᠪᠠᠨ ᠳᠠᠢ᠌ᠯᠠᠵᠤ᠂ ᠰᠡᠳᠭᠢᠯ ᠰᠠᠨᠠᠭ᠎ᠠ ᠪᠠᠨ ᠰᠡᠯᠡᠭᠦᠴᠡᠭᠦᠯᠵᠤ ᠰᠠᠭᠤᠵᠠᠭᠠᠶ᠎ᠠ ᠯᠠ ᠳ᠋ᠠ᠂ ᠪᠢᠳᠠ︕


2010.10.28 ᠊ᠤ ᠥᠳᠡᠰᠢ᠂   ᠬᠦᠬᠡᠬᠤᠲᠠᠨ᠎ᠡ᠃


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2941
ᠴᠠᠭ᠄ 2010 ᠤᠨ ᠤ 11 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ