☆ ᠤᠷᠲᠤᠮᠦ᠋ᠷᠡᠨ
ᠰᠠᠨᠠᠬᠤ ᠶᠢᠨ ᠵᠤᠪᠠᠯᠠᠩ
ᠰᠠᠨᠠᠬᠤ ᠶᠢᠨ ᠵᠤᠪᠠᠯᠠᠩ ᠭᠡᠵᠤ ᠭᠡᠴᠡᠭᠦᠤ
ᠰᠠᠪᠠ ᠳᠦᠭᠦᠷᠡᠩ ᠴᠠᠭᠠᠨ ᠢᠳᠡᠭᠡ ᠡᠷᠢᠭ᠍ᠳᠡᠨ᠎ᠡ
ᠰᠠᠭᠠᠯᠢ ᠶᠢᠨ ᠦᠨᠦᠷ ᠲᠡᠶ ᠡᠵᠢ ᠶᠢᠨ ᠡᠩᠭᠡᠷ ᠰᠠᠨᠠᠭᠳᠠᠨ᠎ᠠ
ᠰᠠᠴᠤᠷᠠᠭ ᠮᠦᠩᠭᠦᠨ ᠳᠤᠶᠠᠭ᠎ᠠ ᠳᠠᠢ
ᠰᠠᠷᠠᠨ ᠳᠡᠷᠭᠡᠯ ᠭᠦᠳᠡᠭᠡ ᠮᠢᠨᠢ ᠡᠷᠢᠭ᠍ᠳᠡᠨ᠎ᠡ
ᠰᠠᠨᠠᠬᠤ ᠶᠢᠨ ᠵᠤᠪᠠᠯᠠᠩ ᠭᠡᠵᠤ ᠰᠠᠢ᠌ᠬᠠᠨ ᠪᠠᠢ᠌ᠯ᠎ᠠ
ᠰᠠᠷᠠᠪᠴᠢᠯᠠᠨ ᠬᠤᠴᠤᠷᠤᠭᠰᠠᠨ ᠡᠮᠧ ᠮᠢᠨᠢ ᠰᠠᠨᠠᠭᠳᠠᠨ᠎ᠠ
ᠰᠠᠭᠠᠤᠨ ᠦᠭᠡᠶ ᠳᠦᠷᠭᠡᠨ ᠣᠴᠠᠷᠠᠬᠤ
ᠰᠠᠢ᠌ᠬᠠᠨ ᠠᠮᠠᠷᠠᠭ ᠮᠦᠰᠢᠶᠠᠵᠤ ᠬᠠᠷᠠᠭᠳᠠᠨ᠎ᠠ
ᠰᠠᠨᠠᠭᠠᠨ ᠳᠤ ᠭᠠᠭᠴᠠᠬᠠᠨ ᠮᠤᠩᠭ᠋ᠤᠯ ᠨᠤᠳᠤᠭ ᠳᠤᠷᠠᠰᠤᠭᠳᠠᠨ᠎ᠠ
ᠰᠠᠨᠠᠬᠤ ᠶᠢᠨ ᠵᠤᠪᠠᠯᠠᠩ ᠰᠠᠢ᠌ᠬᠠᠨ ᠯᠠ ᠪᠠᠢ᠌ᠯ᠎ᠠ
ᠣᠬᠠᠭ᠎ᠠ ᠦᠭᠡᠶ ᠳᠡᠮᠡᠦᠯᠦᠭ᠍ᠰᠡᠨ
ᠣᠨᠠᠭᠠᠨ ᠨᠠᠰᠤ ᠮᠢᠨᠢ ᠡᠷᠢᠭ᠍ᠳᠡᠨ᠎ᠡ
ᠰᠠᠷᠠᠭᠤᠯ ᠲ᠋ᠠᠯ᠎ᠠ ᠳᠤ ᠳᠤᠭᠯᠠᠭᠰᠠᠨ
ᠣᠨᠠᠭ᠎ᠠ ᠲ᠋ᠤᠭᠤᠯ ᠬᠠᠷᠠᠭᠳᠠᠨ᠎ᠠ
ᠰᠠᠯᠬᠤ ᠳᠠᠭᠠᠨ ᠣᠶᠠᠷᠠᠴᠢᠬᠠᠭᠰᠠᠨ᠂ ᠣᠭᠢᠯᠠᠴᠢᠬᠠᠭᠰᠠᠨ
ᠣᠯᠠᠨ ᠨᠠᠢ᠌ᠵᠢ ᠮᠢᠨᠢ ᠪᠣᠳᠤᠭᠳᠠᠨ᠎ᠠ
ᠰᠠᠨᠠᠭ᠎ᠠ ᠠᠯᠳᠠᠵᠤ ᠬᠤᠴᠤᠷᠤᠭᠰᠠᠨ
ᠰᠤᠷᠭᠠᠭᠤᠯᠢ᠂ ᠪᠠᠭᠰᠢ ᠮᠢᠨᠢ
ᠰᠠᠨᠠᠬᠤ ᠶᠢᠨ ᠡᠷᠭᠡᠨ ᠳᠤ ᠵᠢᠷᠭᠠᠯ ᠲᠡᠶ ᠪᠠᠢ᠌ᠯ᠎ᠠ
ᠭᠡᠷ ᠲᠡᠶ ᠭᠦᠮᠤᠨ
ᠭᠡᠳᠡᠰᠤ ᠴᠠᠳᠬᠤᠯᠠᠩ ᠰᠠᠨᠠᠭᠳᠠᠨ᠎ᠠ
ᠭᠡᠳᠡᠷ ᠳᠤᠭᠰᠢᠨ ᠭᠠᠢ᠌ᠬᠠᠯ
ᠭᠡᠭᠦᠳᠡᠭ᠌ ᠢᠪᠴᠤᠤ ᠰᠠᠨᠠᠭᠳᠠᠨ᠎ᠠ
ᠨᠤᠳᠤᠭ ᠤᠨ ᠣᠯᠠᠨ ᠮᠢᠨᠢ
ᠴᠠᠭᠠᠨ᠎ᠠ ᠪᠠᠨ ᠮᠡᠷᠭᠡᠨ ᠰᠠᠨᠠᠭᠳᠠᠨ᠎ᠠ
ᠨᠤᠭᠤᠰᠤ ᠭᠠᠯᠠᠭᠤ ᠨᠢ ᠭᠦᠷᠳᠡᠯ᠎ᠡ
ᠴᠠᠭᠠᠬᠠᠨ ᠰᠠᠨᠠᠭᠳᠠᠨ᠎ᠠ
ᠨᠤᠳᠤᠭ ᠤ ᠰᠠᠷ᠎ᠠ ᠭᠡᠵᠤ ᠳᠦᠭᠦᠷᠢᠭᠭᠡᠨ ᠰᠠᠨᠠᠭᠳᠠᠨ᠎ᠠ
ᠨᠤᠭᠳᠤ ᠪᠠᠨ ᠴᠢᠷᠦᠭ᠍ᠰᠡᠨ ᠮᠤᠷᠢ ᠳᠠᠢ
《ᠨᠤᠭᠤᠠᠵᠠᠶᠠᠭ᠎ᠠ》 ᠰᠠᠨᠠᠭᠳᠠᠨ᠎ᠠ
ᠡᠨ ᠥᠰᠦᠭ᠌ ᠡᠴᠠ ᠨᠢᠳᠦᠯᠡᠭᠦᠯᠦᠭ᠍ᠰᠡᠨ
ᠭᠠᠴᠠᠭᠠᠨ ᠤ ᠪᠠᠭᠰᠢ ᠰᠠᠨᠠᠭᠳᠠᠨ᠎ᠠ
ᠠᠩᠬᠠᠨ ᠤ ᠪᠢᠴᠢᠭ᠍ᠰᠡᠨ ᠰᠢᠯᠦᠭ᠌ ᠮᠢᠨᠢ
ᠬᠠᠢ᠌ᠷ᠎ᠠ ᠶᠢᠨ ᠵᠠᠭᠢᠶ᠎ᠠ ᠪᠠᠢ᠌ᠭᠰᠠᠨ ᠨᠢ ᠰᠠᠨᠠᠭᠳᠠᠨ᠎ᠠ
ᠠᠪᠣ ᠶᠢᠨ ᠰᠤᠷᠭᠠᠯ
ᠬᠠᠳᠠᠭᠤ ᠪᠠᠢ᠌ᠭᠰᠠᠨ ᠨᠢ ᠰᠠᠨᠠᠭᠳᠠᠨ᠎ᠠ
ᠠᠭᠢᠭᠠᠤᠨ ᠣᠳᠤ ᠪᠣᠳᠤᠬᠤᠯᠠᠷ
ᠬᠠᠢ᠌ᠷ᠎ᠠ ᠪᠠᠢ᠌ᠭᠰᠠᠨ ᠨᠢ ᠦᠨᠡᠨ ᠰᠠᠨᠠᠭᠳᠠᠨ᠎ᠠ
ᠮᠤᠷᠢᠨ ᠡᠴᠠ ᠪᠠᠨ ᠤᠢ᠌ᠴᠢᠴᠢᠬᠠᠭᠠᠤᠨ
ᠣᠭᠢᠯᠠᠵᠤ ᠶᠠᠪᠣᠭᠰᠠᠨ ᠮᠢᠨᠢ ᠰᠠᠨᠠᠭᠳᠠᠨ᠎ᠠ
ᠡᠮᠡᠭᠡᠯ ᠨᠢ ᠥᠨᠡᠨᠳᠡᠭᠡᠨ
ᠠᠮᠢᠳᠤᠷᠠᠯ ᠤᠨ ᠠᠩᠬᠠᠨ ᠤ ᠳᠠᠪᠠᠭ᠎ᠠ ᠪᠠᠢ᠌ᠭᠰᠠᠨ ᠨᠢ ᠰᠠᠨᠠᠭᠳᠠᠨ᠎ᠠ
ᠬᠠᠵᠠᠭᠤ ᠳ᠋ᠤᠨᠢ ᠪᠠᠢ᠌ᠬᠤ ᠳ᠋ᠠᠭᠠᠨ
ᠬᠠᠢ᠌ᠷᠠᠯᠠᠬᠤ ᠶᠢ ᠮᠡᠳᠡᠳᠡᠭ᠌ ᠦᠭᠡᠶ ᠴᠤ
ᠰᠠᠯᠤᠭᠠᠤᠨ ᠶᠠᠪᠣᠭᠰᠠᠨ ᠬᠣᠢ᠌ᠨ᠎ᠠ ᠪᠠᠨ
ᠰᠠᠨᠠᠨ᠎ᠠ ᠭᠡᠳᠡᠭ᠌ ᠯᠠ ᠭᠡᠴᠡᠭᠦᠤ ᠁
ᠨᠤᠳᠤᠭ ᠤᠨ ᠴᠢᠯᠠᠭᠤ
ᠠᠭᠤᠯᠠ ᠪᠠᠨ ᠰᠠᠨᠠᠳᠠᠭ ᠰᠢᠭ
ᠨᠤᠭᠤᠨ ᠦᠷ᠎ᠡ ᠴᠢᠨᠢ ᠪᠢ
ᠳᠠᠨ ᠢ ᠪᠠᠨ ᠰᠠᠨᠠᠵᠤ ᠪᠠᠢ᠌ᠨ᠎ᠠ᠃
ᠨᠤᠭᠤᠭᠠᠨ ᠳᠠᠯ᠎ᠠ᠂ ᠨᠢᠴᠦᠭᠦᠨ ᠮᠠᠩᠬ᠎ᠠ
ᠡᠴᠢᠭᠡ ᠡᠭᠡ᠂ ᠡᠯᠢᠭᠡᠨ ᠲᠦᠮᠡᠨ ᠶᠢᠡᠨ᠁
ᠡᠷᠭᠡ ᠦᠭᠡᠶ ᠯᠠ
ᠰᠠᠨᠠᠵᠤ ᠪᠠᠢ᠌ᠨ᠎ᠠ
ᠰᠠᠨᠠᠬᠤ ᠶᠢᠨ ᠵᠤᠪᠠᠯᠠᠩ ᠭᠡᠵᠤ ᠭᠡᠴᠡᠭᠦᠤ ᠯᠠ ᠪᠠᠢ᠌ᠯ᠎ᠠ
ᠵᠤᠬᠢᠶᠠᠭᠴᠢ ᠶᠢᠨ ᠬᠠᠶᠢᠭ ᠄ ᠣᠷᠠᠤᠨ ᠤᠨ ᠬᠣᠢ᠌ᠳᠤ ᠬᠤᠰᠢᠭᠤ
ᠵᠤᠬᠢᠶᠠᠭᠴᠢ᠄ ᠤᠷᠲᠤᠮᠦ᠋ᠷᠡᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2010 ᠤᠨ ᠤ 05 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ