ᠨᠡᠪᠲᠡᠷᠡᠨ ᠤᠷᠤᠬᠤ
ᠥᠡᠳᠦᠷᠯᠢᠭ᠌ ᠤᠨ ᠊ᠭ᠍ᠱᠡᠨ

ᠭᠦ᠋ ᠶᠢᠨ ᠣᠷᠤᠢ ᠳᠤ ᠭᠦᠪᠦᠩᠭᠡᠨ ᠡᠭᠦᠯᠡᠰ ᠦᠶᠡᠷᠯᠠᠪᠠ

ᠬᠤᠷᠤᠮᠠᠬᠠᠨ ᠵᠠᠭᠤᠷ᠎ᠠ ᠠᠶᠤᠩᠭ᠋᠎ᠠ ᠨᠢᠵᠢᠭᠢᠨᠠᠵᠤ

ᠬᠤᠷ᠎ᠠ ᠰᠤᠴᠢᠮᠠᠭ ᠱᠠᠭᠢᠪᠠ

ᠠᠭᠤᠯᠠ ᠶᠢᠨ ᠰᠤᠭᠤ ᠳ᠋ᠠᠭᠢ ᠴᠢᠳᠤᠷ ᠲᠡᠶ ᠮᠤᠷᠢ

ᠢᠵᠢᠯᠢ ᠪᠠᠨ ᠥᠭᠡᠢ᠌ᠯᠡᠨ ᠣᠶᠠᠷᠠᠯᠳᠠᠢ ᠥᠤᠷᠰᠠᠵᠤ

ᠠᠰᠬ᠎ᠠ ᠴᠤᠤᠷᠢᠶᠠᠳᠤᠭᠰᠠᠨ ᠣᠯᠢᠷ ᠤᠨ ᠳᠠᠭᠤ

ᠠᠭᠤᠢ ᠭᠦᠡᠳᠡᠢ ᠳᠡᠭᠡᠨ ᠨᠠᠮ ᠴᠠᠷᠴᠠᠪᠠ

ᠭᠤᠤᠯ ᠥᠭ᠍ᠰᠤᠨ ᠡᠭᠦᠯᠡᠰ ᠬᠤᠯᠠᠳᠠᠵᠤ

ᠠᠶᠤᠩᠭ᠋᠎ᠠ ᠶᠢᠨ ᠭᠢᠯᠪᠠᠭ᠎ᠠ ᠠᠭᠠᠵᠢᠮ ᠰᠤᠯᠠᠳᠤᠬᠤ ᠪᠠᠷ

ᠭᠤᠤᠯ ᠤᠨ ᠱᠤᠤᠭᠢᠶ᠎ᠠ ᠠᠨᠢᠷ ᠳᠤᠷᠭᠢᠵᠤ

ᠣᠯᠠᠭᠠᠨ ᠦᠶᠡᠷ ᠣᠷᠭᠤᠯ᠎ᠠ ᠪᠣᠰᠤᠯ᠎ᠠ

ᠪᠠᠢ᠌ᠰᠭᠢᠭᠡᠤᠨ —

ᠳᠡᠷᠭᠡᠯ ᠨᠠᠷᠠ ᠣᠤᠯ ᠶᠢᠡᠷ ᠭᠢᠯᠪᠠᠯᠵᠠᠵᠤ

ᠳᠡᠷᠳᠡᠭᠡ ᠰᠢᠯᠢ ᠳᠤᠯᠢ ᠰᠢᠭ ᠳᠤᠷᠮᠤᠯᠵᠠᠬᠤ ᠪᠠᠷ

ᠰᠢᠨᠡᠭᠡᠨ ᠴᠠᠭᠠᠨ ᠪᠠᠭᠤᠴᠠᠨ ᠡᠴᠡ ᠠᠯᠭᠤᠷᠬᠠᠨ ᠣᠷᠭᠤᠨ᠎ᠠ᠃

ᠵᠤᠬᠢᠶᠠᠭᠴᠢ᠄ ᠪᠠᠶᠠᠨ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2876
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ