☆ ᠴᠤ᠋·ᠣᠷᠭᠢᠯᠳᠤ
ᠠᠮᠢᠳᠠᠢ ᠶᠢᠨ ᠬᠤᠶᠠᠷ
ᠠᠮᠢᠳᠠᠢ ᠶᠢᠨ ᠬᠠᠠᠵᠤᠨ ᠳᠡᠭᠡᠷ᠎ᠡ
ᠠᠭᠰᠠᠭ᠎ᠠ ᠳᠠᠭᠰᠢᠭᠤᠷ ᠳᠠᠢ
ᠨᠢᠭᠡᠨ ᠡᠪᠦᠭᠡᠨ
ᠠᠷᠠᠢ ᠭᠡᠵᠤ
ᠴᠠᠴᠠᠷᠠᠵᠤ ᠰᠠᠷᠪᠠᠭᠠᠨᠠᠨ
ᠳᠤᠰᠤᠨ ᠳ᠋ᠸᠩ ᠶᠢᠡᠨ ᠨᠤᠴᠤᠭᠠᠯᠠ᠃
ᠠᠮᠢᠳᠠᠢ ᠶᠢᠨ ᠭᠦᠰᠡᠷ ᠲ᠋ᠡᠭᠡᠷ᠎ᠡ
ᠠᠷᠭᠠᠯᠢ ᠶᠢᠨ ᠦᠨᠳᠦᠷ ᠪᠠᠶ᠎ᠠ ᠳᠠᠢ
ᠠᠯᠠᠭ ᠦᠭᠡᠶ ᠴᠠᠭᠠᠨ ᠰᠠᠬᠠ
ᠠᠮᠳᠠᠳᠠᠢ᠌ᠬᠠᠨ ᠭᠡᠪᠢᠨ ᠭᠡᠪᠳᠡᠨ᠎ᠡ᠃
ᠡᠪᠦᠭᠡᠨ
ᠬᠠᠨᠢᠶᠠᠳᠤ ᠪᠠᠨ ᠨᠠᠮᠳᠠᠭᠠᠤᠨ
ᠪᠦᠳᠡᠭᠢ ᠳ᠋ᠸᠩ ᠤᠨ ᠭᠡᠷᠡᠯ ᠳ᠋ᠤ
ᠮᠤᠳᠤᠨ ᠠᠶᠠᠭᠠᠨ ᠳ᠋ᠠᠭᠠᠨ
ᠬᠠᠭᠤᠷᠠᠭᠰᠠᠨ ᠠᠮᠤ ᠪᠠᠨ
ᠠᠳᠬᠤᠯᠠᠨ ᠬᠢᠭᠡᠳ
ᠦᠨᠵᠢᠵᠤ ᠭᠦᠷᠦᠭ᠍ᠰᠡᠨ
ᠦᠳᠭᠡᠨ ᠬᠠᠷ᠎ᠠ ᠴᠠᠢ ᠪᠠᠨ
ᠢᠷᠤᠭᠠᠯ ᠢ ᠨᠢ ᠭᠠᠷᠭᠠᠳᠠᠯ᠎ᠠ ᠭᠡᠭᠡᠯᠡ᠃
ᠡᠪᠦᠭᠡᠨ
ᠬᠠᠨᠠᠨ ᠳᠤ ᠳᠦᠰᠢᠭᠦᠯᠭᠡᠳᠡᠢ
ᠬᠠᠢ᠌ᠯᠠᠰᠤᠨ ᠮᠤᠳᠤᠨ
ᠳᠠᠶᠠᠭ ᠶᠢᠡᠨ ᠳᠤᠯᠤᠨ
ᠣᠷᠤᠨ ᠡᠴᠠ ᠪᠠᠨ ᠦᠨᠳᠠᠢ᠌ᠨ
ᠬᠤᠩ ᠶᠢᠡᠨ ᠬᠠᠭᠤᠷᠠᠢ᠌ᠯᠠᠭᠠᠤᠨ
ᠠᠢ ᠳ᠋ᠠ ︕ ᠭᠡᠳ
ᠣᠷᠤᠯᠭ᠎ᠠ ᠶᠢᠨ ᠶᠡᠭᠡ ᠰᠠᠬᠠ ᠶᠢ ᠬᠠᠷᠠᠵᠤ
ᠣᠯᠠᠨ ᠠᠷᠪᠢᠨ ᠶᠠᠭᠤᠮ᠎ᠠ ᠲᠦᠳᠦᠨᠡᠨᠡ
ᠦᠷᠯᠦᠭᠡ ᠪᠣᠰᠬᠤ ᠳ᠋ᠤ
ᠰᠦᠨ ᠳᠠᠯᠬ᠎ᠠ ᠲᠡᠶ ᠭᠤᠯᠢᠷ
ᠦᠳᠡ ᠪᠣᠯᠬᠤ ᠳ᠋ᠤ
ᠥᠡᠳᠡᠭᠡ ᠲᠡᠶ ᠴᠠᠭᠠᠨ ᠪᠣᠳᠠᠭ᠎ᠠ
ᠦᠳᠡᠰᠢ ᠣᠠᠳᠠᠬᠤ ᠳ᠋ᠤ
ᠪᠠᠯ ᠲᠡᠶ ᠵᠤᠳᠠᠩ ᠣᠤᠭᠤᠬᠤ ᠳ᠋ᠠᠭᠠᠨ
ᠰᠦᠨ ᠳᠠᠯᠬ᠎ᠠ ᠡᠴᠠ
ᠱᠠᠭ᠎ᠠ ᠴᠢᠨᠡᠭᠡᠨ ᠴᠤ ᠬᠤᠪᠢᠶᠠᠯᠴᠠᠬᠤ ᠥᠭᠡᠢ
ᠬᠠᠷᠢᠨ
ᠬᠠᠷ᠎ᠠ ᠴᠠᠢ
ᠬᠠᠭᠤᠷᠠᠭᠰᠠᠨ ᠠᠮᠤ
ᠬᠠᠳᠠᠭᠰᠠᠨ ᠪᠣᠭᠤᠷᠰᠤᠭ ᠢ
ᠪᠣᠯᠢᠶᠠᠵᠤ ᠢᠳᠡᠭᠡᠳ
ᠥᠯᠪᠠᠷᠡᠭᠡᠭᠦ ᠶᠤᠮ ᠪᠠᠢ᠌ᠨ᠎ᠠ ᠳ᠋ᠠ
ᠣᠶᠠ ᠭᠡᠵᠤ
ᠭᠡᠴᠢᠨᠡᠨ ᠭᠡᠯᠡᠭ᠍ᠰᠡᠨ ᠴᠤ
ᠣᠴᠢᠷ ᠪᠣᠯᠭᠠᠵᠤ
ᠣᠬᠠᠭᠠᠨ ᠳᠠᠭᠠᠨ ᠠᠪᠬᠤ ᠥᠭᠡᠢ
ᠠᠢ ᠳ᠋ᠠ ︕ ᠭᠡᠳ
ᠭᠠᠷ ᠶᠢᠡᠨ ᠴᠡᠴᠡᠷᠡᠭᠦᠯᠤᠨ
ᠠᠶᠠᠭ᠎ᠠ ᠴᠠᠢ ᠪᠠᠨ ᠠᠪᠬᠤ ᠳ᠋ᠤ
ᠭᠦᠰᠡᠷ ᠲ᠋ᠡᠭᠡᠷ᠎ᠡ ᠭᠡᠪᠳᠡᠵᠤ ᠪᠠᠢ᠌ᠭᠰᠠᠨ
ᠣᠷᠤᠯᠭ᠎ᠠ ᠶᠢᠨ ᠶᠡᠭᠡ ᠰᠠᠬᠠ
ᠦᠨᠦᠷ ᠠᠪᠴᠤ
ᠣᠷᠢᠳᠤ ᠶᠢᠨ ᠶᠤᠰᠤᠭᠠᠷ
ᠦᠰᠦᠷᠴᠤ ᠢᠷᠡᠭᠡᠳ
ᠠᠶᠠᠭ᠎ᠠ ᠲᠡᠶ ᠠᠮᠤ ᠶᠢ ᠢᠳᠡᠭᠦ ᠳᠡᠭᠡᠨ
ᠠᠷᠭᠠᠯᠢ ᠶᠢᠨ ᠡᠪᠠᠷ ᠨᠢ
ᠠᠰᠠᠵᠤ ᠪᠠᠢ᠌ᠭᠰᠠᠨ ᠳ᠋ᠸᠩ ᠢ ᠨᠥᠳᠦᠷᠴᠤ ᠥᠩᠭᠦᠷᠢᠭᠦᠯᠦᠯᠡ᠃
ᠠᠰᠬᠠᠷᠠᠬᠤ ᠳᠤᠰᠤ
ᠠᠪᠣᠯᠴᠠᠬᠤ ᠭᠠᠯ
ᠣᠷᠤ ᠳᠡᠪᠢᠰᠭᠡᠷ ᠡᠴᠡ
ᠣᠨᠢ ᠨᠢᠷᠤᠭᠤ ᠳᠤᠯᠳᠠᠯ᠎ᠠ ᠳᠦᠷᠠᠯᠵᠢᠪᠠ᠃
ᠦᠷᠯᠦᠭᠡ ᠪᠣᠰᠬᠤ ᠳ᠋ᠤ
ᠭᠦᠤ ᠨᠢ
ᠮᠢᠨᠤ ᠲᠦᠮᠡᠳᠤ
ᠮᠢᠨᠤ ᠲᠦᠮᠡᠳᠤ ᠭᠡᠵᠤ
ᠬᠠᠷᠠᠯᠠᠵᠤ ᠲᠦᠯᠡᠭ᠍ᠳᠡᠭ᠍ᠰᠡᠨ
ᠠᠮᠢᠳᠠᠢ ᠶᠢᠨ ᠭᠡᠷ ᠵᠢᠠᠨ
ᠬᠠᠷᠠᠵᠤ ᠳᠤᠭᠤᠷᠢᠨ᠎ᠠ᠃
ᠰᠠᠬᠠ ᠊᠊᠊᠊᠊᠊᠊᠊᠊᠊᠊᠊᠊᠊᠊ ᠡᠭᠦᠯᠳᠡᠷ ᠮᠠᠯ᠃
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ
ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2806
ᠴᠠᠭ᠄ 2012 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ