ᠨᠡᠪᠲᠡᠷᠡᠨ ᠤᠷᠤᠬᠤ
ᠡᠬᠢ ᠨᠢ᠋ᠮᠠᠨ

ᠭᠦᠪᠴᠢ ᠣᠢ᠌ᠳᠤ ᠭᠢᠩᠭ᠋ᠠᠨ ᠳᠠᠪᠠᠭ᠎ᠠ ᠶᠢ ᠠᠷᠤᠯᠠᠨ ᠲᠦᠰᠢᠵᠤ᠂ ᠭᠦᠳᠡᠩ ᠣᠨᠢᠶᠠᠷᠳᠤ ᠦᠷᠢᠯᠳᠤ ᠶᠢᠨ ᠣᠷᠭᠢᠯ ᠢ ᠦᠯᠮᠡᠢ᠌ᠳᠤᠨ ᠠᠭᠤᠯᠠ ᠬᠠᠳᠠ᠂ ᠵᠤ᠋ ᠭᠦᠷᠪᠡ᠂ ᠭᠤᠤᠯ ᠪᠦᠷᠢᠳᠤ᠂ ᠳᠠᠯ᠎ᠠ ᠳᠠᠴᠠ᠂ ᠲᠦᠩ ᠪᠠᠷᠭᠡ ᠪᠠᠢ᠌ᠷᠢ ᠳᠦᠢ᠌ ᠲᠡᠶ ᠳᠠᠷᠬᠠᠯᠴᠠᠭᠰᠠᠨ ᠳᠠᠩᠰᠤᠭ ᠨᠤᠳᠤᠭ ᠣᠰᠤ ᠪᠠᠨ ᠳᠠᠭᠠᠯᠠᠨ ᠡᠷᠭᠡᠰᠢᠶᠡᠭ᠍ᠰᠡᠨ ᠨᠢ ᠡᠵᠡᠨ ᠴᠢᠩᠭᠢᠰ ᠪᠣᠭᠳᠠ ᠶᠢᠨ ᠦᠷᠡᠰ᠂ ᠡᠷᠳᠡᠨ ᠤ 《ᠨᠢ᠋ᠮᠠᠨ ᠣᠯᠤᠰ》 ᠤᠨ ᠬᠣᠢ᠌ᠴᠢᠰ ᠮᠦᠨ᠃

ᠳᠤᠮᠳᠠᠳᠤ ᠠᠽᠢᠶ᠎ᠠ ᠳ᠋ᠠᠭᠢ ᠭᠢᠶᠠᠨ ᠭᠤᠤᠯ᠂ ᠳᠠᠷᠤᠢ ᠣᠳᠤᠭᠢ ᠶ‍ᠸᠨᠢᠰᠠᠢ ᠮᠦᠷᠠᠨ ᠤ ᠳᠡᠭᠡᠳᠤ ᠣᠷᠤᠰᠬᠠᠯ ᠤᠨ ᠡᠮᠤᠨ᠎ᠡ ᠰᠠᠯᠪᠣᠷᠢ ᠪᠣᠯᠬᠤ ᠪᠠᠭ᠎ᠠ ᠶ‍ᠸᠨᠢᠰᠠᠢ ᠮᠦᠷᠠᠨ ᠤ ᠡᠭᠢᠨ ᠳ᠋ᠠᠭᠢ ᠨᠢ᠋ᠮᠠᠨ ᠰᠠᠯᠪᠣᠷᠢ ᠶᠢ ᠭᠦᠭᠡ ᠮᠦᠷᠠᠨ᠂ ᠡᠷᠭᠦᠨ᠎ᠡ ᠮᠦᠷᠠᠨ᠂ ᠬᠠᠷ᠎ᠠ ᠣᠰᠤ᠂ ᠰᠠᠪᠠ ᠶᠢᠨ ᠲᠦᠩ᠂ ᠡᠭᠡᠷᠢ᠂ ᠠᠬᠠᠷ᠂ ᠵᠥᠷᠴᠢᠭ᠌᠂ ᠴᠠᠭᠠᠨ ᠭᠤᠤᠯ ᠭᠡᠨ᠎ᠡ᠃ 《ᠳᠤᠮᠳᠠᠳᠤ ᠣᠯᠤᠰ ᠤᠨ ᠳᠡᠦᠭᠡᠨ ᠳ᠋ᠠᠭᠢ ᠠᠢ᠌ᠮᠠᠭ ᠣᠭᠰᠠᠭ᠎ᠠ ᠶᠢᠨ ᠳᠤᠪᠴᠢ ᠳᠤᠯᠢ》 ᠳᠤ ᠨᠢ᠋ᠮᠠᠨ ᠠᠢ᠌ᠮᠠᠭ ᠢ 《ᠡᠷᠳᠡᠨ ᠤ ᠰᠸᠺᠠᠽᠢ (ᠭᠢᠷᠭᠢᠰ ᠊᠊᠊᠊᠊᠊᠊᠊᠊᠊᠊᠊᠊᠊᠊ ᠳᠠᠠᠳᠠᠭᠢ ᠨᠢ ᠨᠢᠭᠡ ᠦᠶ᠎ᠡ ᠭᠢᠷᠭᠢᠰ ᠲᠤ ᠬᠠᠷᠢᠶᠠᠯᠠᠭᠳᠠᠵᠤ ᠪᠠᠢ᠌ᠵᠠᠢ) ᠶᠢᠨ ᠨᠢ᠋ᠮᠠᠨ ᠮᠦᠷᠠᠨ ᠤ ᠣᠷᠤᠰᠬᠠᠯ ᠳᠠᠭᠠᠤ ᠣᠷᠤᠨ ᠳᠤ ᠨᠤᠳᠤᠭᠯᠠᠵᠤ ᠪᠠᠢ᠌ᠭᠰᠠᠨ ᠪᠣᠯᠬᠤᠷ ᠨᠢ᠋ᠮᠠᠨ ᠠᠢ᠌ᠮᠠᠭ ᠭᠡᠵᠡᠢ》 ᠭᠡᠮᠡᠨ ᠳᠡᠮᠳᠡᠭᠯᠡᠨ ᠪᠠᠢ᠌ᠳᠠᠭ᠃ ᠡᠢ᠌ᠡᠭᠦ᠂ ᠨᠢ᠋ᠮᠠᠨ ᠭᠡᠰᠡᠨ ᠥᠭᠡ ᠳᠡᠳᠡᠭᠡᠷ ᠭᠤᠤᠯ ᠣᠰᠤᠨ ᠤ ᠨᠠᠷ᠎ᠠ ᠪᠠᠢ᠌ᠭᠰᠠᠨ ᠡᠴᠠ ᠪᠠᠨ ᠣᠤᠠᠬ᠎ᠠ ᠰᠢᠯᠵᠢᠨ ᠳᠠᠠᠳᠠ ᠡᠴᠠ ᠮᠠᠠᠳᠤᠨ ᠭᠠᠷᠤᠭᠰᠠᠨ ᠠᠢ᠌ᠮᠠᠭ ᠣᠭᠰᠠᠭᠠᠠᠳᠠᠨ ᠤ ᠨᠠᠷᠠᠢ᠌ᠳᠤᠯ ᠪᠣᠯᠤᠭᠠᠤᠨ ᠳᠡᠦᠭᠡ ᠡᠷᠡᠨ ᠤ ᠳᠤᠭᠠᠴᠠᠭᠠᠨ ᠳᠤ ᠳᠤᠮᠳᠠᠳᠤ ᠠᠽᠢᠶ᠎ᠠ ᠶᠢᠨ ᠣᠯᠠᠨ ᠦᠨᠳᠦᠰᠦᠳᠠᠨ ᠤ ᠳᠤᠮᠳᠠ ᠳᠤᠤᠯᠢ ᠢᠮ ᠶᠢᠡᠨ ᠳᠠᠮᠠᠭᠠᠯᠠᠵᠤ ᠶᠠᠪᠣᠨ᠎ᠠ ᠳ᠋ᠠ᠃

ᠳᠠᠩ ᠣᠯᠤᠰ ᠤᠨ ᠦᠶ᠎ᠡ᠂ ᠨᠢ᠋ᠮᠠᠨ ᠠᠢ᠌ᠮᠠᠭ ᠨᠢ ᠣᠢ᠌ᠭᠤᠷ ᠬᠠᠭᠠᠠᠳᠤ ᠣᠯᠤᠰ ᠲᠤ ᠬᠠᠷᠢᠶᠠᠯᠠᠭᠳᠠᠵᠤ ᠣᠢ᠌ᠭᠤᠷ ᠰᠤᠶᠤᠯ ᠪᠢᠴᠢᠭ᠌ ᠢ ᠭᠡᠷᠡᠭᠯᠡᠭᠦ ᠪᠣᠯᠵᠠᠢ᠃ ᠨᠠᠢ᠌ᠳᠠ ᠶᠢᠨ ᠣᠨ ᠳᠤᠭᠠᠯᠠᠯ ᠤᠨ 840 ᠣᠨ ᠶᠢᠡᠷ ᠭᠢᠷᠭᠢᠰᠴᠤᠳ ᠣᠢ᠌ᠭᠤᠷ ᠬᠠᠭᠠᠠᠳᠤ ᠣᠯᠤᠰ ᠢ ᠮᠥᠭᠦᠭᠡᠨ ᠡᠮᠦᠨᠡᠰᠢ ᠪᠠᠭᠤᠬᠤ ᠦᠶᠡᠰ ᠨᠢ᠋ᠮᠠᠨ ᠠᠢ᠌ᠮᠠᠭ ᠳᠠᠭᠠᠯᠳᠤᠨ ᠳᠦᠷᠢᠨ ᠣᠷᠤᠵᠤ᠂ ᠡᠷᠴᠢᠰ ᠮᠦᠷᠠᠨ ᠡᠴᠠ ᠬᠠᠷ᠎ᠠ ᠬᠤᠷᠤᠮ ᠭᠦᠷᠳᠡᠯᠡᠭᠢ ᠠᠭᠤᠳᠠᠮ ᠶᠡᠭᠡ ᠭᠠᠵᠠᠷ ᠣᠷᠤᠨ ᠢ ᠡᠵᠡᠯᠡᠨ ᠠᠪᠴᠤ ᠠᠢ᠌ᠮᠠᠭ ᠤᠨ ᠡᠵᠡᠡᠳᠤ ᠣᠯᠤᠰ ᠊᠊᠊᠊᠊᠊᠊᠊᠊᠊᠊᠊᠊᠊᠊ ᠨᠢ᠋ᠮᠠᠨ ᠣᠯᠤᠰ ᠢ ᠪᠠᠢ᠌ᠭᠤᠯᠤᠭᠰᠠᠨ ᠪᠠᠢ᠌ᠨ᠎ᠠ᠃ ᠨᠠᠢ᠌ᠳᠠ ᠶᠢᠨ ᠣᠨ ᠳᠤᠭᠠᠯᠠᠯ ᠊ᠤᠨ1204 ᠊᠊᠊᠊᠊᠊᠊᠊᠊᠊᠊᠊᠊᠊᠊ 1218 ᠣᠨ ᠤ ᠬᠤᠭᠤᠷᠤᠠᠳᠤ᠂ ᠴᠢᠩᠭᠢᠰ ᠬᠠᠭᠠᠨ ᠨᠢ᠋ᠮᠠᠨ ᠣᠯᠤᠰ ᠲᠤ ᠴᠢᠷᠢᠭᠯᠡᠵᠤ ᠨᠢ᠋ᠮᠠᠨ ᠣᠯᠤᠰ ᠤᠨ ᠳᠠᠶᠠᠨ ᠬᠠᠭᠠᠨ ᠭᠦᠴᠦᠯᠦᠭ᠌ ᠬᠠᠭᠠᠨ ᠡᠴᠢᠭᠡ ᠭᠦᠪᠠᠭᠦᠨ ᠯᠤᠭ᠎ᠠ ᠭᠡᠳᠤ ᠣᠳᠠᠭᠠᠨ ᠤ ᠰᠢᠷᠦᠭᠦᠨ ᠳᠠᠢ᠌ᠨ ᠶᠠᠪᠣᠭᠤᠯᠵᠤ 《ᠮᠤᠩᠭ᠋ᠤᠯ ᠭᠦᠮᠤᠨ᠂ ᠭᠦᠴᠦᠷᠭᠡᠭ᠌ ᠶᠡᠭᠡ ᠨᠢ᠋ᠮᠠᠨ ᠤ ᠡᠵᠡᠡᠳᠤ ᠣᠯᠤᠰ ᠢ ᠪᠦᠷᠢᠮᠦᠰᠤᠨ ᠮᠥᠭᠦᠭᠡᠭᠡᠤᠨ》 ᠪᠦᠭᠦ ᠨᠢ᠋ᠮᠠᠨ ᠠᠢ᠌ᠮᠠᠭ ᠢ ᠡᠴᠦᠰ ᠲᠡᠭᠡᠨ ᠶᠡᠭᠡ ᠮᠤᠩᠭ᠋ᠤᠯ ᠬᠠᠭᠠᠠᠳᠤ ᠣᠯᠤᠰ ᠤᠨ ᠬᠠᠷᠢᠶᠠᠳᠤ ᠠᠢ᠌ᠮᠠᠭ ᠪᠣᠯᠭᠠᠪᠠ᠃ ᠳᠠᠷᠠ ᠳᠤᠬᠠᠢ ᠶᠢᠨ ᠭᠦᠮᠤᠨ ᠠᠮᠠ ᠣᠯᠠᠨ᠂ ᠳᠠᠪᠰᠢᠭᠰᠠᠨ ᠰᠤᠶᠤᠯ ᠲᠡᠶ ᠭᠡᠮᠡᠭ᠍ᠳᠡᠭ᠍ᠰᠡᠨ ᠨᠢ᠋ᠮᠠᠨ ᠣᠯᠤᠰ ᠤᠨ ᠭᠢᠨ ᠮᠤᠩᠭ᠋ᠤᠯ ᠤᠨ ᠬᠠᠷᠢᠶᠠᠨ ᠳᠤ ᠬᠤᠪᠢᠶᠠᠭᠳᠠᠨ ᠨᠠᠢ᠌ᠯᠠᠵᠤ᠂ ᠨᠢᠭᠡ ᠪᠦᠯᠦᠭ᠌ ᠨᠢ ᠳᠤᠮᠳᠠᠳᠤ ᠠᠽᠢᠶ᠎ᠠ ᠶᠢᠨ ᠡᠯ᠎ᠡ ᠠᠢ᠌ᠮᠠᠭ ᠲᠦᠷᠺᠴᠤᠳ ᠲᠤ ᠠᠭᠤᠰᠤᠨ ᠰᠢᠩᠭᠡᠭᠡᠤᠨ᠂ ᠶᠡᠭᠡ ᠮᠤᠩᠭ᠋ᠤᠯ ᠬᠠᠭᠠᠠᠳᠤ ᠲᠦᠷᠦ ᠶᠢᠨ ᠡᠯ᠎ᠡ ᠭᠠᠵᠠᠷ ᠣᠷᠤᠨ ᠪᠠ ᠬᠠᠭᠠᠨ ᠤ ᠣᠷᠳᠤᠨ ᠤ ᠳᠤᠳᠤᠭᠠᠳᠤ ᠭᠠᠳᠠᠭᠠᠳᠤ ᠳᠤ ᠪᠦᠷ ᠳᠦᠭᠡᠭᠡᠨ ᠳᠠᠷᠬᠠᠭᠰᠠᠨ ᠪᠠᠢ᠌ᠨ᠎ᠠ᠃

ᠣᠠᠴᠠ ᠳᠡᠮᠳᠡᠭᠯᠡᠭᠦᠰᠢᠳᠡᠢ ᠨᠢ᠂ ᠴᠢᠩᠭᠢᠰ ᠬᠠᠭᠠᠨ ᠪᠠᠷ ᠨᠢ᠋ᠮᠠᠨ ᠣᠯᠤᠰ ᠤᠨ ᠳᠠᠮᠠᠭᠠᠨ ᠲᠦᠰᠢᠮᠠᠯ ᠣᠢ᠌ᠭᠤᠷ ᠣᠭᠰᠠᠭᠠᠨ ᠤ ᠳᠠᠳᠠᠳᠤᠩᠭ᠋᠎ᠠ ᠶᠢ ᠡᠷᠭᠦᠨ ᠭᠡᠷᠡᠭᠯᠡᠵᠤ᠂ ᠳᠡᠭᠦᠨ ᠤ ᠰᠠᠨᠠᠭᠤᠯᠭ᠎ᠠ ᠪᠠᠷ ᠣᠷᠳᠤᠨ ᠳᠠᠭᠠᠨ ᠪᠢᠴᠢᠭ᠌ ᠳᠠᠮᠠᠭ᠎ᠠ ᠭᠡᠷᠡᠭᠯᠡᠭᠦ ᠪᠣᠯᠤᠭᠰᠠᠨ ᠪᠦᠭᠡᠤᠨ ᠣᠢ᠌ᠭᠤᠷ ᠥᠰᠦᠭ᠌ ᠢ ᠮᠤᠩᠭ᠋ᠤᠯᠵᠢᠭᠤᠯᠤᠨ 《ᠣᠯᠤᠰ ᠤᠨ ᠭᠡᠯᠡ》 ᠭᠡᠮᠡᠨ ᠵᠠᠷᠯᠢᠭ ᠪᠠᠭᠤᠯᠭᠠᠵᠤ᠂ ᠲᠦᠷᠦ ᠶᠢᠨ ᠳᠡᠭᠦᠦᠨᠡᠷ ᠭᠡᠦᠭᠡᠤᠨ ᠲᠤ ᠪᠠᠨ ᠪᠢᠴᠢᠭ᠌ ᠵᠢᠭᠠᠯᠭᠠᠨ ᠰᠤᠷᠭᠠᠭᠰᠠᠨ ᠠᠪᠠᠢ᠃ ᠡᠭᠦᠨ ᠡᠴᠠ ᠣᠳᠤᠭᠢ ᠮᠤᠩᠭ᠋ᠤᠯ ᠥᠰᠦᠭ᠌ ᠪᠢᠴᠢᠭ᠌ ᠤᠨ ᠣᠵᠤᠭᠤᠷ ᠳᠦᠷᠢ ᠊᠊᠊᠊᠊᠊᠊᠊᠊᠊᠊᠊᠊᠊᠊ ᠣᠢ᠌ᠭᠤᠷᠵᠢᠨ ᠮᠤᠩᠭ᠋ᠤᠯ ᠥᠰᠦᠭ᠌ ᠪᠢᠴᠢᠭ᠌ ᠨᠢ ᠪᠦᠭᠦ ᠮᠤᠩᠭ᠋ᠤᠯᠴᠤᠳ ᠤᠨ ᠳᠤᠮᠳᠠ ᠳᠡᠯᠭᠡᠷᠡᠨ ᠭᠦᠭ᠍ᠵᠢᠭᠦ ᠳᠠᠯᠪᠢ ᠪᠠᠨ ᠳᠡᠯᠭᠡᠭ᠍ᠰᠡᠨ ᠶᠤᠮ᠃ ᠡᠨᠡ ᠨᠢ᠂ ᠮᠤᠩᠭ᠋ᠤᠯ ᠦᠨᠳᠦᠰᠦᠳᠠᠨ ᠤ ᠥᠭᠡ ᠭᠡᠯᠡᠨ ᠥᠰᠦᠭ᠌ ᠪᠢᠴᠢᠭ᠌ ᠤᠨ ᠡᠭᠦᠰᠦᠯ ᠭᠦᠭ᠍ᠵᠢᠯ᠂ ᠮᠤᠩᠭ᠋ᠤᠯ ᠦᠨᠳᠦᠰᠦᠳᠠᠨ ᠤ ᠮᠠᠠᠳᠤᠯ ᠳᠡᠭ᠍ᠵᠢᠯ᠂ ᠵᠢᠴᠢ ᠮᠤᠩᠭ᠋ᠤᠯ ᠭᠡᠮᠡᠭᠦ ᠭᠢᠯᠠᠯᠵᠠᠭᠰᠠᠨ ᠰᠤᠶᠤᠯ ᠭᠢᠭᠡᠤᠨ ᠳᠡᠯᠡᠭᠡᠢ ᠶᠢᠨ ᠳᠠᠪᠰᠢᠭᠰᠠᠨ ᠰᠤᠶᠤᠯ ᠤᠨ ᠭᠦᠭ᠍ᠵᠢᠯᠳᠡ ᠳ᠋ᠤ ᠨᠢ᠋ᠮᠠᠠᠴᠤᠳ ᠡᠴᠠ ᠨᠡᠮᠡᠷᠢᠯᠡᠭ᠍ᠰᠡᠨ ᠨᠠᠠᠳᠢᠨ ᠯᠤᠳᠤ ᠬᠠᠠᠳᠢᠪ ᠶᠤᠮ ᠡ︕

ᠴᠢᠩᠭᠢᠰ ᠪᠣᠭᠳᠠ ᠶᠢᠨ ᠳᠦᠷᠪᠠᠳᠦᠭᠡᠷ ᠭᠦᠪᠠᠭᠦᠨ ᠳᠤᠯᠤᠢ ᠶᠢᠨ ᠭᠦᠤ ᠬᠤᠪᠢᠯᠠᠢ ᠰᠠᠴᠠᠨ ᠬᠠᠭᠠᠨ 1271 ᠣᠨ ᠳᠤ ᠳᠤᠮᠳᠠᠳᠤ ᠣᠷᠤᠨ ᠢ ᠨᠢᠭᠡᠳᠭᠡᠭᠡᠤᠨ ᠳᠠᠢ᠌ᠳᠤ ᠳᠤ ᠨᠠᠢ᠌ᠰᠯᠠᠨ ᠶᠡᠭᠡ ᠶᠤᠸᠠᠨ ᠣᠯᠤᠰ ᠢ ᠪᠠᠢ᠌ᠭᠤᠯᠪᠠ᠃ ᠶᠤᠸᠠᠨ ᠤ ᠲᠦᠷᠦ ᠳᠤᠮᠳᠠᠳᠤ ᠣᠯᠤᠰ ᠢ ᠵᠠᠭᠤᠭᠠᠤᠨ ᠵᠢᠯ ᠨᠤᠶᠠᠷᠬᠠᠵᠤ ᠤᠷᠢᠳ ᠬᠤᠵᠢᠳ ᠠᠷᠪᠠᠭᠠᠤᠨ ᠬᠠᠭᠠᠨ ᠣᠯᠠᠮᠵᠢᠯᠠᠭᠠᠤᠨ 1368 ᠣᠨ᠎ᠠ᠂ ᠶᠤᠸᠠᠨ ᠱᠦᠨ ᠳ᠋ᠢ ᠳᠤᠭᠤᠠᠳᠠᠮᠤᠷ ᠬᠠᠭᠠᠨ ᠵᠤ ᠶᠤᠸᠠᠨ ᠵᠠᠩ ᠤᠨ ᠴᠡᠷᠢᠭ᠌ ᠲᠤ ᠰᠢᠬᠠᠮᠳᠠᠭᠳᠠᠭᠠᠤᠨ ᠠᠷᠪᠠᠨ ᠲᠦᠮᠡᠨ ᠮᠤᠩᠭ᠋ᠤᠯᠴᠤᠳ ᠶᠢᠡᠨ ᠳᠠᠭᠠᠭᠤᠯᠤᠨ ᠳᠠᠢ᠌ᠳᠤ ᠡᠴᠠ ᠣᠬᠤᠷᠢᠨ ᠭᠠᠷᠴᠤ᠂ ᠮᠤᠯᠳᠤᠰᠢ ᠬᠠᠭᠠᠯᠭ᠎ᠠ ᠪᠠᠷ ᠣᠮᠠᠷᠠᠰᠢᠯᠠᠨ ᠮᠤᠩᠭ᠋ᠤᠯ ᠣᠷᠤᠨ ᠳᠠᠭᠠᠨ ᠪᠣᠴᠠᠨ ᠢᠷᠡᠭ᠍ᠰᠡᠨ ᠪᠠᠢ᠌ᠳᠠᠭ᠃

ᠡᠨᠡ ᠭᠢᠷᠢ᠂ ᠶᠡᠭᠡ ᠶᠤᠸᠠᠨ ᠣᠯᠤᠰ ᠨᠢ 《ᠣᠮᠠᠷᠠᠳᠤ ᠶᠤᠸᠠᠨ》 ᠣᠯᠤᠰ ᠭᠡᠮᠡᠨ ᠬᠠᠯᠠᠭᠳᠠᠵᠤ᠂ ᠮᠤᠩᠭ᠋ᠤᠯ ᠭᠦᠮᠤᠨ ᠭᠢᠳᠠᠤᠨ ᠣᠷᠤᠨ ᠳ᠋ᠠᠭᠢ ᠨᠤᠶᠠᠷᠬᠠᠯ ᠶᠢᠡᠨ ᠠᠯᠳᠠᠯ᠎ᠠ ᠴᠤ ᠴᠠᠭᠠᠨ ᠭᠡᠷᠡᠮ ᠡᠴᠠ ᠣᠮᠠᠷᠠᠰᠢ ᠪᠠᠢ᠌ᠭᠠᠯ ᠨᠠᠭᠤᠷ ᠳᠠᠪᠠᠳᠠᠯ᠎ᠠ᠂ ᠭᠦᠯᠤᠨ ᠪᠣᠢ᠌ᠷ ᠡᠴᠠ ᠦᠷᠦᠨᠠᠰᠢ ᠠᠯᠳᠠᠢ ᠶᠢᠨ ᠣᠢ᠌ᠷᠠᠤᠨ ᠭᠦᠷᠳᠡᠯᠡᠭᠢ ᠥᠷᠭᠡᠨ ᠠᠭᠤᠳᠠᠮ ᠣᠷᠤᠨ ᠭᠠᠵᠠᠷ ᠳᠠᠭᠢ ᠣᠯᠠᠨ ᠮᠤᠩᠭ᠋ᠤᠯ ᠣᠭᠰᠠᠭ᠎ᠠ ᠠᠢ᠌ᠮᠠᠭ ᠤᠳ ᠶᠢᠡᠨ ᠡᠵᠡᠮᠳᠡᠭ᠍ᠰᠡᠭᠡᠷ ᠪᠠᠢ᠌ᠭᠰᠠᠨ ᠪᠢᠯᠠ᠃ ᠳᠠᠠᠳᠠ ᠡᠴᠠ᠂ ᠶᠤᠸᠠᠨ ᠱᠦᠨ ᠳ᠋ᠢ ᠳᠤᠭᠤᠠᠳᠠᠮᠤᠷ ᠬᠠᠭᠠᠨ ᠤ ᠳᠠᠭᠠᠭᠤᠯᠤᠨ ᠢᠷᠡᠭ᠍ᠰᠡᠨ ᠠᠷᠪᠠᠨ ᠲᠦᠮᠡᠨ ᠤ ᠪᠠᠨ ᠭᠡᠷᠡᠢ᠌ᠤᠨ᠂ ᠥᠭᠡᠯᠡᠳ᠂ ᠪᠠᠭᠠᠳᠤᠳ᠂ ᠬᠤᠶᠠᠭᠳᠠᠤᠨ ᠳᠦᠷᠪᠡᠨ ᠲᠦᠮᠡᠨ ᠢ ᠨᠢ ᠠᠯᠳᠠᠢ ᠶᠢᠨ ᠣᠢ᠌ᠷᠠᠤᠨ ᠤᠨ ᠣᠷᠤᠨ ᠶᠢᠡᠷ ᠨᠤᠳᠤᠭᠰᠢᠭᠤᠯᠤᠭᠰᠠᠨ ᠡᠴᠠ ᠰᠤᠷᠪᠣᠯᠵᠢ ᠪᠢᠴᠢᠭ᠌ ᠲᠤ 《ᠳᠦᠷᠪᠡᠨ ᠲᠦᠮᠡᠨ ᠣᠢ᠌ᠷᠠᠤᠨ》 ᠭᠡᠮᠡᠨ ᠳᠡᠮᠳᠡᠭᠯᠡᠵᠤ᠂ ᠶᠠᠷᠤ ᠳᠡᠭᠡᠨ ᠪᠠᠰᠠ ᠪᠠᠷᠠᠭᠤᠨ ᠮᠤᠩᠭ᠋ᠤᠯ ᠭᠡᠳᠡᠭ᠌᠃ ᠨᠥᠭᠦᠭᠡ ᠵᠢᠷᠭᠤᠭᠠᠨ ᠲᠦᠮᠡᠨ ᠢ ᠪᠠᠨ ᠵᠡᠭᠦᠨ ᠭᠤᠷᠪᠠᠨ ᠲᠦᠮᠡᠨ ᠊᠊᠊᠊᠊᠊᠊᠊᠊᠊᠊᠊᠊᠊᠊ ᠴᠠᠬᠠᠷ᠂ ᠬᠠᠯᠬ᠎ᠠ᠂ ᠣᠷᠢᠶᠠᠩᠬᠠᠢ︔ ᠪᠠᠷᠠᠭᠤᠨ ᠭᠤᠷᠪᠠᠨ ᠲᠦᠮᠡᠨ ᠊᠊᠊᠊᠊᠊᠊᠊᠊᠊᠊᠊᠊᠊᠊ ᠣᠷᠳᠤᠰ᠂ ᠲᠦᠮᠡᠤᠨ᠂ ᠶᠦᠩᠰᠢᠶᠠᠪᠣ ᠲᠦᠮᠡᠨ ᠭᠡᠵᠤ ᠬᠤᠪᠢᠶᠠᠨ ᠡᠵᠡᠮᠰᠢᠳᠡᠭ᠌ ᠪᠠᠢ᠌ᠵᠠᠢ᠃

ᠴᠢᠩᠭᠢᠰ ᠬᠠᠭᠠᠨ ᠤ ᠠᠷᠪᠠᠨ ᠳᠠᠪᠣᠳᠤᠭᠠᠷ ᠦᠶ᠎ᠡ ᠶᠢᠨ ᠬᠣᠢ᠌ᠴᠢᠰ ᠪᠠᠳᠤ ᠮᠥᠩᠭᠡ ᠳᠠᠶᠠᠨ ᠬᠠᠭᠠᠨ ᠤ ᠦᠶᠡᠰ᠂ ᠡᠳᠡᠭᠡᠷ ᠲᠦᠮᠡᠨ ᠢ ᠦᠪᠡᠷ ᠤᠨ ᠦᠷ᠎ᠡ ᠠᠴᠢᠨᠠᠷ ᠲᠠᠭᠠᠨ ᠬᠤᠪᠢᠶᠠᠨ ᠥᠭ᠍ᠴᠤ ᠬᠤᠪᠢ ᠬᠤᠪᠢᠨ ᠤ ᠡᠵᠡᠮᠰᠢᠯ ᠣᠷᠤᠨ ᠪᠣᠯᠭᠠᠨ ᠰᠠᠭᠤᠯᠭᠠᠭᠰᠠᠨ ᠶᠤᠮ᠃ ᠪᠠᠳᠤ ᠮᠥᠩᠭᠡ ᠳᠠᠶᠠᠨ ᠬᠠᠭᠠᠨ ᠦᠪᠡᠷ ᠤᠨ ᠡᠵᠡᠮᠰᠢᠯ ᠤᠨ ᠲᠦᠪ ᠶᠢᠡᠨ ᠵᠡᠭᠦᠨ ᠭᠤᠷᠪᠠᠨ ᠲᠦᠮᠡᠨ ᠤ ᠭᠤᠤᠯ ᠪᠣᠯᠬᠤ ᠴᠠᠬᠠᠷ ᠲᠦᠮᠡᠨ ᠳᠤ ᠪᠠᠢ᠌ᠷᠢᠰᠢᠭᠤᠯᠵᠤ᠂ ᠡᠭᠦᠨ ᠳᠤ ᠪᠠᠭᠳᠠᠭᠰᠠᠨ ᠠᠤᠬᠠᠨ᠂ ᠨᠢ᠋ᠮᠠᠨ᠂ ᠭᠡᠰᠢᠭ᠍ᠳᠡᠨ᠂ ᠰᠦᠨᠢᠳ᠂ ᠵᠣᠢ᠌ᠤᠨ᠂ ᠦᠵᠦᠮᠤᠴᠢᠨ᠂ ᠬᠠᠭᠤᠴᠢᠳ᠂ ᠠᠯᠠᠭᠴᠢᠭᠤᠳ ᠨᠢ᠋ᠮᠠᠨ ᠣᠳᠤᠭ ᠠᠢ᠌ᠮᠠᠭ ᠶᠢᠡᠨ ᠰᠢᠭᠤᠳ ᠬᠠᠷᠢᠶᠠᠯᠠᠵᠤ ᠪᠠᠢ᠌ᠵᠠᠢ᠃ ᠪᠠᠳᠤ ᠮᠥᠩᠭᠡ ᠳᠠᠶᠠᠨ ᠬᠠᠭᠠᠨ ᠠᠷᠪᠠᠨ ᠨᠢᠭᠡᠨ ᠭᠦᠪᠠᠭᠦᠨ ᠲᠡᠶ᠃ ᠠᠬᠠᠮᠠᠤᠨ ᠨᠢ ᠲᠦᠷᠦᠪᠣᠯᠤᠳ ᠡᠷᠳᠡ ᠥᠩᠭᠡᠷᠡᠭ᠍ᠰᠡᠨ ᠪᠣᠯᠬᠤᠷ ᠳᠡᠭᠦᠨ ᠤ ᠭᠦᠪᠠᠭᠦᠨ ᠪᠣᠳᠢ ᠠᠯᠠᠭ ᠡᠪᠦᠭᠡ ᠳᠠᠶᠠᠨ ᠬᠠᠭᠠᠨ ᠶᠢᠡᠨ ᠵᠠᠯᠭᠠᠮᠵᠢᠯᠠᠨ ᠮᠤᠩᠭ᠋ᠤᠯ ᠤᠨ ᠶᠡᠭᠡ ᠬᠠᠭᠠᠨ ᠰᠠᠭᠤᠪᠠ᠃

ᠪᠣᠳᠢ ᠠᠯᠠᠭ ᠬᠠᠭᠠᠨ ᠳᠤ ᠨᠠᠮᠵᠢᠯ ᠳᠠᠢ᠌ᠵᠢ (《ᠰᠤᠪᠣᠤᠨ ᠡᠷᠢᠭᠡ》 ᠳᠤ᠂ ᠪᠣᠰᠤ ᠰᠤᠷᠪᠣᠯᠵᠢ ᠪᠢᠴᠢᠭ᠌ ᠲᠤ ᠠᠯᠢᠮᠠᠨ᠂ ᠨᠠᠮᠢᠭ᠂ ᠡᠮᠯᠢᠭ᠌ ᠭᠡᠭᠦ》) ᠭᠡᠮᠡᠭᠦ ᠳᠡᠭᠦᠤ ᠲᠡᠶ᠃ ᠡᠨᠡ ᠨᠠᠮᠵᠢᠯ ᠳᠠᠢ᠌ᠵᠢ ᠶᠢᠨ ᠭᠦᠪᠠᠭᠦᠨ ᠨᠢ ᠪᠣᠢ᠌ᠮ᠎ᠠ ᠲᠦᠰᠢᠶᠠᠳᠤ᠃ ᠳᠠᠷᠠ ᠪᠠᠷ ᠦᠶᠡᠯᠢᠳ ᠠᠬ᠎ᠠ ᠳᠡᠭᠦᠤ ᠪᠣᠯᠬᠤ ᠮᠤᠩᠭ᠋ᠤᠯ ᠤᠨ ᠶᠡᠭᠡ ᠬᠠᠭᠠᠨ ᠳᠠᠷᠠᠢ᠌ᠰᠤᠨ ᠭᠦᠳᠡᠩ (ᠪᠣᠳᠢ ᠠᠯᠠᠭ ᠬᠠᠭᠠᠨ ᠤ ᠭᠦᠤ) ᠠᠷᠪᠠᠨ ᠵᠢᠷᠭᠤᠳᠤᠭᠠᠷ ᠵᠠᠭᠤᠨ ᠤ ᠳᠤᠮᠳᠠᠴᠢ ᠪᠠᠷ ᠲᠦᠮᠡᠤᠨ ᠤᠨ ᠠᠯᠳᠠᠨ ᠰᠦᠳᠤ ᠬᠠᠭᠠᠨ ᠡᠴᠠ ᠵᠠᠢ᠌ᠯᠠᠨ ᠴᠠᠬᠠᠷ ᠲᠦᠮᠡᠨ ᠤ ᠣᠤᠯ ᠤᠨ ᠬᠠᠷᠢᠶ᠎ᠠ ᠭᠠᠵᠠᠷ ᠊᠊᠊᠊᠊᠊᠊᠊᠊᠊᠊᠊᠊᠊᠊ ᠰᠢᠤᠸᠠᠨ ᠹᠤ᠋ ᠶᠢᠨ ᠭᠢᠵᠠᠭᠠᠷ ᠤᠨ ᠭᠠᠳᠠᠨ᠎ᠠ ᠡᠴᠠ ᠵᠡᠭᠦᠡᠰᠢ ᠣᠷᠢᠶᠠᠩᠬᠠᠢ ᠶᠢᠨ ᠭᠤᠷᠪᠠᠨ ᠸᠸᠢ ᠶᠢᠨ ᠣᠷᠤᠨ ᠵᠥᠭ᠌ ᠳᠦᠷᠢᠨ ᠨᠡᠭᠦᠳᠡᠯᠯᠡᠭᠦ ᠦᠶᠡᠰ ᠬᠠᠷᠢᠶ᠎ᠠ ᠠᠢ᠌ᠮᠠᠭ ᠣᠳᠤᠭ ᠶᠢᠡᠨ ᠳᠠᠢ᠌ᠴᠢᠯᠠᠨ ᠬᠠᠮᠳᠤ ᠢᠷᠡᠭ᠍ᠰᠡᠨ ᠠᠵᠢ᠃ ᠭᠤᠷᠪᠠᠨ ᠸᠸᠢ ᠭᠡᠳᠡᠭ᠌ ᠨᠢ ᠲᠡᠶ ᠨᠢᠩ ᠸᠸᠢ᠂ ᠹᠤ᠋ ᠢᠤᠢ ᠸᠸᠢ᠂ ᠳᠤ ᠶ‍ᠢᠩ ᠸᠸᠢ ᠵᠡᠷᠭᠡ ᠮᠢᠩ ᠣᠯᠤᠰ ᠤᠨ ᠦᠶ᠎ᠡ ᠳ᠋ᠠᠭᠢ ᠴᠡᠷᠢᠭ᠌ ᠤᠨ ᠵᠠᠭᠢᠷᠭᠠᠨ ᠤ ᠨᠠᠷ᠎ᠠ ᠪᠣᠯᠤᠨ᠎ᠠ᠃ ᠪᠠᠷᠤᠭ ᠴᠢᠩ ᠣᠯᠤᠰ ᠤᠨ ᠦᠶ᠎ᠡ ᠶᠢᠨ ᠵᠤᠤ ᠣᠳᠠ᠂ ᠵᠤᠰᠤᠳᠤ ᠶᠢᠨ ᠴᠢᠭᠤᠯᠭᠠᠨ ᠪᠣᠯᠤᠨ ᠵᠢᠷᠢᠮ ᠤᠨ ᠴᠢᠭᠤᠯᠭᠠᠨ ᠤ ᠡᠮᠦᠨᠡᠳᠤ ᠭᠡᠰᠡᠭ᠌᠂ ᠵᠢᠴᠢ ᠡᡁᠧ ᠪᠧᠢ ᠮᠤᠵᠢ ᠶᠢᠨ ᠣᠮᠠᠷᠠᠳᠤ ᠭᠡᠰᠡᠭ᠌ ᠢ ᠪᠠᠭᠳᠠᠭᠠᠭᠰᠠᠨ ᠥᠷᠭᠡᠨ ᠠᠭᠤᠳᠠᠮ ᠭᠠᠵᠠᠷ ᠣᠷᠤᠨ ᠪᠣᠯᠤᠨ᠎ᠠ᠃

ᠪᠣᠢ᠌ᠮ᠎ᠠ ᠲᠦᠰᠢᠶᠠᠳᠤ ᠡᠴᠠ ᠬᠤᠶᠠᠷ ᠭᠦᠪᠠᠭᠦᠨ ᠲᠡᠶ᠃ ᠠᠬ᠎ᠠ ᠨᠢ ᠳᠠᠢ᠌ᠴᠢᠩ ᠳᠦᠭᠦᠷᠡᠩ᠂ ᠳᠡᠭᠦᠤ ᠨᠢ ᠡᠰᠡᠨ ᠣᠢ᠌ᠵᠠᠩ ᠭᠡᠳᠡᠭ᠌᠃ ᠡᠴᠢᠭᠡ ᠡᠴᠠ ᠪᠠᠨ ᠬᠣᠢ᠌ᠰᠢ ᠠᠬ᠎ᠠ ᠳᠡᠭᠦᠤ ᠬᠤᠶᠠᠭᠤᠯᠠ ᠪᠠᠨ ᠠᠤᠬᠠᠨ ᠪᠣᠯᠤᠨ ᠨᠢ᠋ᠮᠠᠨ ᠣᠳᠤᠭ ᠢ ᠳᠤᠰ ᠳᠤᠰ ᠡᠵᠡᠮᠳᠡᠭ᠍ᠰᠡᠨ ᠪᠠᠢ᠌ᠨ᠎ᠠ᠃ ᠨᠢ᠋ᠮᠠᠨ ᠨᠤᠳᠤᠭ ᠣᠰᠤ ᠨᠢ ᠶᠠᠷᠤ ᠡᠴᠠ ᠴᠠᠬᠠᠷ ᠲᠦᠮᠡᠨ ᠤ ᠵᠡᠭᠦᠨ ᠵᠠᠬ᠎ᠠ ᠪᠠᠷ ᠪᠠᠢ᠌ᠷᠢᠰᠢᠳᠠᠭ ᠪᠣᠯᠬᠤᠷ ᠠᠷᠪᠠᠨ ᠵᠢᠷᠭᠤᠳᠤᠭᠠᠷ ᠵᠠᠭᠤᠨ ᠤ ᠰᠡᠭᠦᠯᠴᠢ ᠪᠠᠷ ᠨᠢᠭᠡᠨᠲᠡ ᠲᠡᠶ ᠨᠢᠩ ᠸᠸᠢ ᠶᠢᠨ ᠬᠠᠷᠢᠶ᠎ᠠ ᠣᠷᠤᠨ ᠶᠢᠡᠷ ᠨᠡᠭᠦᠳᠡᠯᠯᠡᠨ ᠢᠷᠠᠵᠤ ᠳᠤᠭᠳᠠᠨᠢᠭᠠᠤᠨ ᠦᠪᠡᠷ ᠭᠢ ᠪᠠᠨ ᠮᠦᠨ 《ᠨᠢ᠋ᠮᠠᠨ ᠠᠢ᠌ᠮᠠᠭ》 ᠭᠡᠮᠡᠭ᠍ᠰᠡᠨ ᠠᠪᠠᠢ᠃

ᠡᠰᠡᠨ ᠣᠢ᠌ᠵᠠᠩ ᠡᠴᠦᠰ ᠪᠣᠯᠤᠭᠰᠠᠨ᠎ᠠ᠂ ᠳᠡᠭᠦᠨ ᠤ ᠭᠦᠪᠠᠭᠦᠨ ᠭᠤᠠᠴᠤᠭ ᠪᠠᠭᠠᠳᠤᠷ ᠳᠠᠢ᠌ᠵᠢ ᠨᠢ᠋ᠮᠠᠨ ᠠᠢ᠌ᠮᠠᠭ ᠢ ᠭᠦᠯᠢᠶᠡᠨ ᠳᠦᠷᠦᠭᠦᠯᠡᠪᠡ᠃ ᠭᠤᠠᠴᠤᠭ ᠪᠠᠭᠠᠳᠤᠷ ᠳᠠᠢ᠌ᠵᠢ ᠴᠠᠬᠠᠷ ᠤᠨ ᠯᠢᠭ᠍ᠳᠡᠨ ᠬᠠᠭᠠᠨ ᠲᠡᠶ ᠵᠦᠷᠢᠴᠠᠯ ᠭᠠᠷᠴᠤ᠂ ᠬᠣᠢ᠌ᠳᠤ ᠠᠯᠳᠠᠨ ᠣᠯᠤᠰ ᠤᠨ ᠳᠡᠭ᠍ᠷᠢ ᠶᠢᠨ ᠰᠠᠴᠠᠨ ᠤ ᠳᠡᠷᠢᠭᠦᠨ ᠣᠨ (1627) ᠳᠤ ᠠᠤᠬᠠᠨ ᠤ ᠳᠦᠷᠦᠭᠦᠤ ᠰᠤᠨᠤᠮ ᠳᠦᠭᠦᠷᠡᠩ ᠨᠡᠷ ᠤᠨ ᠬᠠᠮᠳᠤ ᠬᠠᠷᠢᠶᠠᠳᠤ ᠠᠢ᠌ᠮᠠᠭ ᠶᠢᠡᠨ ᠳᠠᠭᠠᠭᠤᠯᠤᠨ ᠬᠣᠢ᠌ᠳᠤ ᠠᠯᠳᠠᠨ ᠣᠯᠤᠰ ᠤᠨ ᠬᠠᠭᠠᠨ ᠬᠤᠩ ᠲᠡᠢ᠌ᠵᠢ᠌ ᠳᠤ ᠡᠪᠰᠡᠪᠡ᠃

ᠳᠠᠢ᠌ᠴᠢᠩ ᠭᠦᠷᠤᠨ ᠤ ᠳᠤᠯᠭᠤᠷ ᠲᠦᠷᠦ ᠳᠦᠳᠦᠭᠡᠨ ᠭᠦᠯᠵᠢᠭᠡ ᠳᠠᠷᠠ ᠳᠤᠬᠠᠢ ᠳᠤ᠂ ᠭᠤᠠᠴᠤᠭ ᠪᠠᠭᠠᠳᠤᠷ ᠳᠠᠢ᠌ᠵᠢ ᠭᠣᠢ᠌ᠳᠠ ᠵᠢᠦᠡᠭᠦᠯ ᠭᠠᠪᠢᠶ᠎ᠠ ᠪᠠᠢ᠌ᠭᠤᠯᠤᠭᠰᠠᠨ ᠪᠣᠯᠬᠤᠷ᠂ ᠳᠡᠭᠡᠳᠤ ᠡᠷᠳᠡᠮᠳᠤ ᠶᠢᠨ ᠳᠡᠷᠢᠭᠦᠨ ᠣᠨ (1636) ᠳ᠋ᠤ ᠨᠢ᠋ᠮᠠᠨ ᠠᠢ᠌ᠮᠠᠭ ᠢ 50 ᠰᠤᠮᠤ ᠲᠡᠶ ᠨᠢᠭᠡᠨ ᠬᠤᠰᠢᠭᠤ ᠪᠣᠯᠭᠠᠨ ᠪᠠᠢ᠌ᠭᠤᠯᠵᠤ᠂ ᠣᠤᠯ ᠤᠨ ᠨᠠᠷᠠᠢ᠌ᠳᠤᠯ ᠢ ᠨᠢ ᠳᠠᠭᠠᠭᠤᠯᠤᠨ 《ᠨᠢ᠋ᠮᠠᠨ ᠬᠤᠰᠢᠭᠤ》 ᠭᠡᠮᠡᠪᠡ᠃ ᠭᠤᠠᠴᠤᠭ ᠪᠠᠭᠠᠳᠤᠷ ᠳᠠᠢ᠌ᠵᠢ ᠶᠢ ᠨᠢ᠋ᠮᠠᠨ ᠬᠤᠰᠢᠭᠤᠨ ᠤ ᠵᠠᠰᠠᠭ ᠲᠦᠷᠦ ᠶᠢᠨ ᠳᠠᠷᠬᠠᠨ ᠵᠢᠶᠦ᠋ᠨ ᠸᠠᠩ ᠬᠦᠡᠭ᠌ ᠪᠠᠭᠠᠳᠤᠷ ᠡᠷᠭᠦᠮᠵᠢᠯᠡᠨ᠂ ᠨᠢ᠋ᠮᠠᠨ ᠬᠤᠰᠢᠭᠤᠨ ᠤ ᠬᠠᠮᠤᠭ ᠠᠩᠬᠠᠨ ᠤ ᠵᠠᠰᠠᠭ ᠸᠠᠩ ᠪᠣᠯᠭᠠᠵᠤ ᠵᠡᠷᠭᠡ ᠭᠡᠷᠭᠢᠮ ᠶᠢᠡᠨ ᠦᠶ᠎ᠡ ᠣᠯᠠᠷᠢᠨ ᠵᠠᠯᠭᠠᠮᠵᠢᠯᠠᠬᠤ ᠪᠠᠷ ᠰᠤᠶᠤᠷᠬᠠᠭᠰᠠᠨ ᠪᠦᠯᠦᠭᠡ᠃

ᠡᠷᠳᠡᠨ ᠤ ᠨᠢ᠋ᠮᠠᠨ ᠠᠢ᠌ᠮᠠᠭ ᠡᠴᠠ ᠡᠭᠢ ᠰᠤᠷᠪᠣᠯᠵᠢ ᠲᠡᠶ ᠪᠣᠶᠤ ᠭᠢᠶᠠᠨ ᠭᠤᠤᠯ ᠤᠨ ᠡᠭᠢ ᠡᠴᠠ ᠢᠷᠡᠭ᠍ᠰᠡᠨ ᠨᠢ᠋ᠮᠠᠨ ᠠᠢ᠌ᠮᠠᠭ ᠣᠭᠰᠠᠭᠠᠳᠠᠨ ᠭᠡᠮᠡᠭᠦ ᠣᠤᠠᠬ᠎ᠠ ᠰᠠᠨᠠᠭ᠎ᠠ ᠪᠠᠷ 《ᠡᠭᠢ ᠨᠢ᠋ᠮᠠᠨ》 ᠭᠡᠮᠡᠭ᠍ᠰᠡᠨ ᠪᠠᠢ᠌ᠯᠤᠭ᠎ᠠ᠃ ᠳᠠᠳᠠ ᠦᠪᠡᠷ ᠤᠨ ᠣᠭᠰᠠᠭ᠎ᠠ ᠶᠠᠰᠤᠨ ᠤ ᠡᠭᠢ ᠡᠭᠦᠰᠭᠡᠷ ᠶᠢᠡᠨ ᠦᠶ᠎ᠡ ᠶᠢᠨ ᠦᠶ᠎ᠡ ᠳᠡᠭᠡᠨ ᠥᠭᠡ ᠭᠡᠯᠡ ᠥᠰᠦᠭ᠌ ᠪᠢᠴᠢᠭ᠌ ᠶᠢᠡᠷ ᠶᠢᠡᠨ ᠣᠯᠠᠮᠵᠢᠯᠠᠵᠤ᠂ ᠲᠦᠷᠦ ᠭᠦᠷᠤᠨ ᠤ ᠳᠠᠪᠵᠢᠶᠠᠨ ᠰᠤᠯᠢᠭᠳᠠᠯ ᠳᠤ ᠳᠠᠶᠠᠭᠳᠠᠨ ᠣᠭᠤᠷᠠᠭ᠎ᠠ ᠦᠭᠡᠶ᠂ ᠵᠠᠭᠤ ᠮᠢᠩᠭ᠋ᠠᠨ ᠵᠢᠯ ᠤᠨ ᠳᠤᠷᠰᠢ ᠮᠤᠩᠭ᠋ᠤᠯ ᠣᠳᠤᠮ ᠨᠠᠷ᠎ᠠ ᠪᠠᠨ ᠮᠠᠷᠳᠠᠬᠤ ᠦᠭᠡᠶ ᠭᠢᠴᠢᠶᠠᠨ ᠳᠡᠭᠡᠵᠢᠯᠡᠭ᠍ᠰᠡᠭᠡᠷ ᠢᠷᠠᠵᠠᠢ᠃

ᠨᠢ᠋ᠮᠠᠠᠴᠤᠳ ᠭᠢᠶᠠᠨ ᠭᠤᠤᠯ (ᠶ‍ᠸᠨᠢᠰᠠᠢ ᠮᠦᠷᠠᠨ) ᠤᠨ ᠡᠭᠢ ᠡᠮᠦᠨᠡᠭᠢ ᠨᠢ᠋ᠮᠠᠨ ᠰᠠᠯᠪᠣᠷᠢ ᠣᠷᠤᠰᠬᠠᠯ ᠤᠨ ᠥᠩᠰᠢᠭ᠌ ᠰᠠᠪᠠ ᠭᠠᠵᠠᠷ ᠡᠴᠠ ᠥᠭᠡᠳᠡᠯᠡᠨ ᠮᠠᠠᠳᠤᠭᠠᠤᠨ ᠠᠯᠳᠠᠢ ᠬᠠᠨ ᠢ ᠳᠠᠮᠵᠢᠨ ᠶᠡᠭᠡ ᠭᠤᠪᠢ ᠶᠢᠨ ᠵᠡᠭᠦᠨ ᠪᠠᠷᠠᠭᠤᠨ ᠶᠢᠡᠷ ᠳᠦᠭᠡᠭᠡᠨ ᠳᠠᠷᠬᠠᠵᠤ᠂ ᠳᠡᠳᠡᠭᠡᠷ ᠤᠨ ᠳᠤᠳᠤᠷᠠᠭᠢ ᠨᠢᠭᠡ ᠰᠠᠯᠠᠭ᠎ᠠ ᠨᠢ᠋ᠮᠠᠠᠴᠤᠳ ᠣᠭ ᠠᠢ᠌ᠮᠠᠭ ᠣᠭᠰᠠᠭᠠᠨ ᠤ ᠨᠠᠷᠠᠢ᠌ᠳᠤᠯ ᠭᠡᠪ ᠶᠢᠡᠷ ᠶᠢᠡᠨ ᠵᠡᠭᠦᠡᠰᠢ ᠨᠡᠭᠦᠳᠡᠯᠯᠡᠨ ᠭᠢᠩᠭ᠋ᠠᠨ ᠳᠠᠪᠠᠭᠠᠨ ᠤ ᠦᠪᠣᠷ ᠳᠠᠯ᠎ᠠ ᠶᠢᠨ ᠵᠡᠭᠦᠨ ᠪᠠᠶ᠎ᠠ ᠳ᠋ᠠᠭᠢ ᠣᠳᠤᠭᠢ ᠨᠢ᠋ᠮᠠᠨ ᠬᠤᠰᠢᠭᠤᠨ ᠤ ᠭᠠᠵᠠᠷ ᠨᠤᠳᠤᠭ ᠲᠤ ᠭᠦᠷᠴᠤ ᠢᠷᠡᠭ᠍ᠰᠡᠨ ᠪᠠᠢ᠌ᠨᠠᠮ᠃ ᠡᠢ᠌ᠡᠭᠦ ᠮᠢᠩᠭ᠋ᠠᠨ ᠣᠨ ᠣᠯᠠᠷᠢᠨ ᠳᠡᠦᠭᠡᠵᠢᠵᠤ ᠲᠦᠮᠡᠨ ᠭᠠᠵᠠᠷ ᠳᠦᠭᠡᠭᠡᠨ ᠨᠤᠳᠤᠭᠰᠢᠭᠠᠤᠨ 《ᠨᠢ᠋ᠮᠠᠨ》 ᠭᠡᠮᠡᠭᠦ ᠨᠢᠭᠡᠨ ᠠᠢ᠌ᠮᠠᠭ ᠣᠭᠰᠠᠭᠠᠨ ᠤ ᠬᠠᠠᠳᠤ ᠣᠯᠤᠰ ᠤᠨ ᠨᠠᠷ᠎ᠠ ᠡᠴᠠ ᠬᠤᠪᠢᠰᠤᠨ ᠰᠢᠯᠵᠢᠭ᠍ᠰᠡᠭᠡᠷ ᠦᠨᠦ ᠨᠢᠭᠡ ᠬᠤᠰᠢᠭᠤ ᠨᠤᠳᠤᠭ ᠤᠨ ᠳᠤᠰᠬᠠᠢ ᠨᠠᠷ᠎ᠠ ᠪᠣᠯᠤᠭᠠᠤᠨ ᠨᠢᠭᠡᠨᠲᠡ 370 ᠭᠠᠷᠤᠢ ᠵᠢᠯ ᠤᠨ ᠳᠡᠦᠭᠡ ᠳᠤᠤᠯᠢ ᠲᠡᠶ ᠪᠣᠯᠤᠭᠰᠠᠨ ᠪᠠᠢ᠌ᠨ᠎ᠠ᠃


2009 ᠣᠨ ᠤ 8 ᠰᠠᠷ᠎ᠠ ᠳ᠋ᠤ


ᠵᠤᠬᠢᠶᠠᠭᠴᠢ ᠶᠢᠨ ᠬᠠᠶ‍ᠢᠭ ᠄ ᠨᠢ᠋ᠮᠠᠨ ᠬᠤᠰᠢᠭᠤ


ᠵᠤᠬᠢᠶᠠᠭᠴᠢ᠄ ᠠᠯᠢᠮᠠᠨ ᠬᠤᠲᠠᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠮᠤᠩᠭᠤᠯ ᠲᠡᠦᠬᠡ
ᠳᠠᠷᠤᠮ᠄ 7537
ᠴᠠᠭ᠄ 2010 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ