ᠨᠡᠪᠲᠡᠷᠡᠨ ᠤᠷᠤᠬᠤ
ᠥᠷᠯᠦᠭᠡ

ᠦᠨᠢᠶᠠᠨ ᠵᠠᠯᠠᠨ ᠳᠡᠭᠡᠷ᠎ᠡ ᠢᠷᠡᠭ᠍ᠰᠡᠨ ᠰᠠᠭᠠᠯᠢᠴᠢᠨ ᠪᠦᠰᠡᠭᠦᠢ ᠳᠠᠭᠤᠯᠠᠪᠠ

ᠦᠷ ᠴᠠᠢ᠌ᠭᠰᠠᠭᠠᠷ ᠥᠵᠡᠭᠦ ᠪᠠᠨ ᠪᠦᠷ ᠣᠯᠤᠭᠠᠤᠨ ᠬᠠᠷᠠᠴᠢᠬᠠᠪᠠ ᠭᠡᠵᠢ ᠦᠦ︖

ᠦᠷᠢᠶ᠎ᠠ ᠬᠠᠭᠠᠷᠢᠳᠠᠭ ᠳᠤᠬᠤᠢ ᠡᠴᠡ ᠵᠥᠯᠭᠡ ᠶᠢᠨ ᠮᠡᠯᠡᠭᠡᠢ ᠭᠤᠸᠠᠭᠯᠠᠪᠠ

ᠥᠷᠯᠦᠭᠡ ᠪᠣᠯᠤᠯ᠎ᠠ ᠭᠡᠵᠤ ᠬᠠᠨᠢᠳᠠᠨ ᠶᠢᠡᠨ ᠥᠷᠭᠦᠭᠡᠨ ᠳᠠᠭᠤᠳᠠᠭᠰᠠᠨ ᠭᠡᠵᠢ ᠦᠦ︖

ᠡᠭᠦᠯᠡ ᠠᠭᠤᠯᠠ ᠣᠯᠠᠢ᠌ᠵᠤ ᠡᠮᠦᠨ᠎ᠡ ᠳᠡᠭ᠍ᠷᠢ ᠳᠤᠯᠠᠢ᠌ᠵᠤ

ᠥᠵᠡᠰᠭᠦᠯᠡᠩᠳᠤ ᠨᠠᠷᠠᠨ ᠠᠪᠠᠬᠠᠢ ᠢᠰᠪᠠᠯᠵᠠᠵᠤ ᠢᠷᠡᠭᠦ ᠨᠢ ᠭᠡᠵᠢ ᠦᠦ︖

ᠡᠮᠦᠨ᠎ᠡ ᠠᠢ᠌ᠯ ᠤᠨ ᠪᠠᠷᠢ ᠰᠢᠭ᠌ ᠦᠨᠡᠰᠤ ᠪᠠᠨ ᠬᠠᠶᠠᠬᠤ ᠪᠠᠨ ᠮᠠᠷᠳᠠᠭᠠᠤᠨ

ᠥᠩᠭᠡᠷᠡᠭ᠍ᠰᠡᠨ ᠰᠦᠨᠢ ᠪᠠᠨ ᠪᠣᠳᠤᠭᠠᠤᠨ ᠢᠴᠢᠵᠤ ᠪᠠᠢ᠌ᠬᠤ ᠨᠢ ᠭᠡᠵᠢ ᠦᠦ︖

ᠰᠡᠭᠦᠯᠴᠢ ᠶᠢᠨ ᠳᠠᠭᠢᠶᠠᠨ ᠳᠠᠭᠤᠨ ᠶᠢᠡᠷ ᠰᠡᠴᠢᠭ᠌ ᠨᠢ ᠶᠤᠮᠰᠢᠭ ᠦᠨᠳᠠᠢ᠌ᠵᠤ

ᠰᠦᠨᠢ ᠶᠢᠨ ᠨᠣᠢ᠌ᠷ ᠢ ᠳᠠᠭᠤᠰᠬᠠᠵᠤ ᠰᠢᠨ᠎ᠠ ᠡᠳᠦᠷ ᠠᠪᠴᠢᠷᠠᠭᠠᠤᠨ

ᠰᠡᠭᠦᠭ᠍ᠰᠡᠨ ᠡᠷᠦᠭᠡ ᠶᠢᠨ ᠬᠤᠯᠠᠩ ᠡᠴᠡ ᠴᠡᠩᠭᠡᠷ ᠣᠳᠤᠭ᠎ᠠ ᠳᠤᠳᠤᠷᠠᠭᠤᠯᠵᠤ

ᠰᠡᠭᠦᠳᠡᠷ ᠪᠠᠶ᠎ᠠ ᠬᠤᠶᠠᠷ ᠢ ᠢᠯᠭᠠᠵᠤ ᠦᠭ‍ᠭᠦᠭ᠍ᠰᠡᠨ ᠥᠷᠯᠦᠭᠡ

ᠪᠠᠶ᠎ᠠ ᠳ᠋ᠤᠨᠢ ᠰᠡᠭᠦᠳᠡᠷ ᠳᠠᠭᠠᠭᠤᠯᠵᠤ ᠪᠢᠳᠡᠭᠡᠢ ᠰᠠᠯᠳᠤᠭᠠᠢ ᠭᠡᠵᠤ ᠨᠠᠷᠠ

ᠪᠦᠰᠡᠳᠡᠢ ᠪᠦᠰᠡᠭᠦᠢ ᠣᠯᠠᠨ ᠢ ᠠᠵᠢᠯ ᠣᠢ᠌ᠯᠠ ᠳ᠋ᠤᠨᠢ ᠣᠢ᠌ᠷᠠᠳᠤᠭᠤᠯᠵᠤ

ᠪᠠᠯᠴᠢᠭᠡᠷ ᠲᠤ ᠭᠠᠷᠤᠭᠰᠠᠨ ᠰᠥᠷᠦᠭ᠌ ᠤᠨ ᠳᠠᠪᠠᠳᠠᠢ ᠢᠳᠡᠰᠢᠯᠡᠭᠦ ᠶᠢ ᠬᠠᠷᠠᠵᠤ

ᠪᠠᠯᠡᠭ᠌ ᠪᠣᠯᠭᠠᠵᠤ ᠭᠡᠷᠡᠯ ᠶᠢᠡᠨ ᠠᠰᠬᠠᠵᠤ ᠦᠭ‍ᠭᠦᠭ᠍ᠰᠡᠨ ᠥᠷᠯᠦᠭᠡ

ᠵᠤᠤᠬᠠᠨ ᠳᠡᠭᠡᠷᠡᠭᠢ ᠳᠠᠪᠣᠷ᠎ᠠ ᠳᠤ ᠭᠦᠭᠡ ᠴᠠᠢ ᠳᠠᠷᠭᠢᠯᠵᠤ

ᠵᠤᠯᠠᠭ ᠪᠠᠷᠢᠭᠰᠠᠨ ᠪᠦᠰᠡᠭᠦᠢ ᠬᠠᠨᠵᠤ ᠢᠷᠮᠡᠭᠯᠡᠨ ᠳᠤᠮᠪᠣᠢ᠌ᠵᠤ

ᠵᠠᠭᠤᠨ ᠬᠤᠨᠤᠭ ᠤᠨ ᠳᠠᠷᠠᠭ᠎ᠠ ᠣᠷᠤᠭ ᠤᠨ ᠭᠠᠵᠠᠷ ᠶᠢᠡᠨ ᠮᠤᠷᠳᠠᠨ᠎ᠠ ᠭᠡᠵᠤ

ᠵᠤᠨ ᠤ ᠡᠳᠦᠷ ᠢ ᠰᠥᠪᠠᠯᠡᠭᠡᠳ ᠬᠠᠳᠬᠤᠵᠤ ᠰᠠᠭᠤᠭᠰᠠᠨ ᠥᠷᠯᠦᠭᠡ

ᠮᠤᠳᠤᠨ ᠠᠢ᠌ᠯ ᠤᠨ ᠳᠠᠷᠬᠠᠨ ᠭᠦᠭᠦᠷᠭᠡ ᠪᠠᠨ ᠡᠭᠢᠯᠡᠨ ᠳᠠᠳᠠᠵᠤ

ᠮᠤᠨᠠ ᠲᠦᠰᠢ ᠬᠤᠶᠠᠷ ᠤᠨ ᠳᠤᠮᠳᠠ ᠨᠠᠷᠠ ᠶᠢ ᠬᠠᠪᠴᠢᠭᠤᠯᠤᠨ ᠳᠠᠪᠳᠠᠵᠤ

ᠮᠤᠬᠤᠷ ᠵᠠᠭᠠᠮ᠎ᠠ ᠲᠡᠶ ᠬᠠᠠᠳᠠᠭᠠᠵᠠ ᠶᠢᠨ ᠬᠠᠠᠴᠤᠢ ᠪᠠᠷ ᠭᠦᠯᠦᠰᠤ ᠶᠢ ᠠᠷᠴᠢᠵᠤ

ᠮᠤᠠᠳᠠᠭ ᠣᠯᠠᠭᠠᠨ ᠫᠢᠯᠠ ᠳᠡᠭᠡᠷ᠎ᠡ ᠰᠢᠷ ᠰᠠᠭᠤᠯᠭᠠᠭᠰᠠᠨ ᠥᠷᠯᠦᠭᠡ

ᠡᠪᠠᠰᠤᠨ ᠳᠤᠯᠤᠭᠠᠢ ᠳᠤ ᠪᠦᠮᠪᠦᠭᠡᠨᠡᠭ᠍ᠰᠡᠨ ᠰᠢᠭᠦᠳᠡᠷᠢ ᠶᠢᠨ ᠮᠥᠭᠦᠯᠢᠭ᠌ ᠡᠭ᠍ᠰᠢᠵᠤ

ᠡᠭᠦᠳᠡᠨ ᠳᠤᠰᠢᠶ᠎ᠠ ᠨᠣᠢ᠌ᠷᠮᠤᠭᠯᠠᠭᠰᠠᠨ ᠬᠠᠯᠳᠠᠷ ᠭᠦᠯᠦᠭᠡ ᠰᠤᠨᠢᠶᠠᠵᠤ

ᠡᠰᠢᠨ ᠳᠡᠭᠡᠷ᠎ᠡ ᠪᠠᠨ ᠡᠪᠭᠡᠭ᠍ᠳᠡᠭ᠍ᠰᠡᠨ ᠣᠯᠠᠷᠢᠯ ᠤᠨ ᠴᠡᠴᠡᠭ᠌ ᠵᠠᠳᠠᠷᠠᠵᠤ

ᠡᠯᠡᠰᠤᠨ ᠭᠤᠪᠢ ᠶᠢᠨ ᠠᠯᠠᠭᠳᠠᠭ᠎ᠠ ᠰᠢᠷᠤᠢ ᠰᠠᠴᠤᠨ ᠪᠣᠯᠳᠠᠢ᠌ᠵᠤ

ᠰᠠᠷᠠᠪᠴᠢᠨ ᠨᠦᠮᠦᠷᠢ ᠡᠭᠦᠷᠯᠡᠭ᠍ᠰᠡᠨ ᠬᠠᠷᠢᠶᠠᠴᠢ ᠶᠢᠨ ᠳᠡᠭ᠍ᠳᠡᠭᠡᠭᠡᠢ ᠱᠤᠯᠤᠭᠠᠨᠠᠵᠤ

ᠰᠠᠪᠣᠩ ᠣ ᠶᠢᠨ ᠦᠨᠦᠷ ᠥᠷᠦᠭᠡ ᠭᠡᠷ ᠡᠴᠡ ᠰᠠᠩᠭᠢᠨᠠᠵᠤ

ᠰᠠᠭᠰᠤ ᠲᠡᠶ ᠠᠭᠠᠷᠤᠤᠯ ᠬᠤᠷᠤᠳ ᠳᠡᠭᠡᠪᠦᠷ ᠳᠡᠭᠡᠭᠦᠷ ᠡᠩᠨᠡᠷᠡᠵᠤ

ᠰᠠᠷᠠᠯ ᠮᠤᠷᠢᠨ ᠤ ᠨᠢᠷᠤᠭᠤᠨ ᠳᠤ ᠽᠠᠠᠳᠠᠨ ᠡᠮᠡᠭᠡᠯ ᠳᠤᠬᠤᠭᠳᠠᠵᠤ

ᠠᠷᠭᠠᠯ ᠬᠤᠷᠮᠣᠢ᠌ᠯᠠᠭᠰᠠᠨ ᠭᠦᠭ᠍ᠰᠢᠨ ᠭᠡᠷ ᠵᠥᠭ᠌ ᠶᠢᠡᠨ ᠮᠠᠢ᠌ᠵᠢᠭᠢᠨᠠᠵᠤ

ᠠᠷᠢᠭᠢᠨ ᠳᠤ ᠰᠢᠷᠠᠳᠤᠭᠰᠠᠨ ᠡᠪᠦᠭᠡᠨ ᠬᠤᠪᠢᠩ ᠭᠦᠡᠳᠦᠷᠡᠨ ᠰᠠᠠᠳᠤᠷᠴᠤ

ᠠᠯᠠ ᠲᠡᠶ ᠦᠮᠦᠳᠦ ᠲᠡᠶ ᠬᠡᠦᠬᠡᠳ ᠳᠠᠷ᠎ᠠ ᠶᠢᠨ ᠳᠡᠷᠭᠡᠳᠡ ᠪᠦᠮᠪᠦᠷᠢᠵᠤ

ᠠᠭᠠᠷᠤ ᠳᠡᠭᠦᠵᠢᠯᠡᠭ᠍ᠰᠡᠨ ᠪᠠᠷᠢ ᠬᠤᠷᠮᠣᠢ᠌ᠪᠴᠢ ᠪᠦᠰᠡᠯᠡᠨ ᠡᠷᠭᠢᠵᠤ

ᠪᠠᠷᠢ ᠡᠷᠭᠢᠭ᠍ᠰᠡᠨ ᠴᠤ ᠥᠷᠯᠦᠭᠡ ᠬᠠᠷᠢᠨ ᠡᠷᠭᠢᠭ᠍ᠰᠡᠨ ᠦᠭᠡᠶ

ᠪᠠᠶ᠎ᠠ ᠨᠢ ᠡᠷᠭᠢᠭ᠍ᠰᠡᠨ ᠴᠤ ᠰᠡᠳᠭᠢᠯ ᠨᠢ ᠶᠠᠭ ᠡᠷᠭᠢᠭ᠍ᠰᠡᠨ ᠦᠭᠡᠶ

ᠪᠠᠭᠡᠨ ᠬᠠᠷ᠎ᠠ ᠨᠢᠳᠤᠨ ᠳ᠋ᠤᠨᠢ ᠥᠷᠯᠦᠭᠡ ᠬᠡᠪ ᠶᠢᠡᠷ ᠶᠢᠡᠨ

ᠪᠠᠭᠡᠯᠢ ᠦᠭᠡᠶ ᠭᠠᠷ ᠳᠤᠨᠢ ᠥᠷᠯᠦᠭᠡ ᠡᠪ ᠶᠢᠡᠷ ᠶᠢᠡᠨ᠃

ᠵᠤᠬᠢᠶᠠᠭᠴᠢ᠄ ᠪᠠ᠊·ᠨᠡᠭᠦᠳᠡᠯᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2008 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ