☆ ᠪᠣᠷᠵᠢᠭᠢᠨ·ᠮᠥᠩᠭᠡᠤ᠋ᠳᠽᠡᠷ
ᠬᠤᠨᠢ ᠭᠢᠭᠡᠳ ᠵᠢᠭᠠᠰᠤ
ᠡᠮᠦᠨ᠎ᠡ ᠣᠷᠤᠨ ᠤ ᠭᠦᠮᠦᠰ ᠤᠨ ᠱᠥᠭᠦᠵᠤ ᠠᠪᠣᠭᠰᠠᠨ ᠵᠢᠭᠠᠰᠤ ᠶᠢ
ᠦᠨ᠎ᠡ ᠢ ᠨᠢ ᠥᠭ᠍ᠴᠤ ᠮᠠᠨᠠᠢ᠌ᠭᠢᠨ ᠳᠠᠯᠪᠢᠵᠤ ᠣᠷᠭᠢᠭᠰᠠᠨ ᠭᠡᠨ᠎ᠡ᠂
ᠳᠤᠤᠷ ᠡᠴᠡ ᠪᠠᠨ ᠮᠤᠯᠳᠤᠷᠠᠭᠰᠠᠨ ᠵᠢᠭᠠᠰᠤ ᠳᠠᠯᠠᠷᠬᠠᠨ᠎ᠠ ᠭᠡᠵᠤ ᠮᠠᠳᠠᠨᠡᠤ︖
ᠳᠤᠯᠤᠭᠠᠢ ᠰᠡᠭᠦᠯ ᠭᠦᠳᠡᠯᠭᠡᠮᠡᠭ᠍ᠴᠡ ᠭᠦᠨ ᠣᠰᠤᠨ ᠳᠠᠭᠠᠨ ᠰᠢᠷᠭᠡᠵᠤ ᠭᠡᠨ᠎ᠡ᠂
ᠡᠨᠡ ᠭᠠᠵᠠᠷ ᠤᠨ ᠶᠡᠭᠡ ᠵᠢᠭᠠᠰᠤ ᠨᠢ
ᠪᠠᠭ᠎ᠠ ᠵᠢᠭᠠᠰᠤ ᠪᠠᠨ ᠢᠳᠡᠳᠡᠭ᠌ ᠭᠡᠨ᠎ᠡ
ᠥᠴᠦᠭᠡᠨ ᠪᠠᠭ᠎ᠠ ᠵᠢᠭᠠᠰᠤ ᠨᠢ ᠭᠦᠷᠳᠡᠯ᠎ᠡ ᠵᠢᠷᠭᠠᠬᠠᠢ ᠪᠠᠷ ᠬᠤᠭᠤᠯᠠᠯᠠᠳᠠᠭ ᠭᠡᠨ᠎ᠡ
ᠦᠯ ᠶᠢᠡᠨ ᠳᠠᠷᠤᠬᠤ ᠶᠢᠨ ᠳᠦᠯᠦᠭᠡ ᠦᠷ᠎ᠡ ᠪᠠᠨ ᠢᠳᠡᠳᠡᠭ᠌ ᠠᠮᠢᠳᠠᠨ ᠢ
ᠦᠷᠦ ᠡᠪᠠᠦᠡᠴᠤ ᠮᠠᠨᠠᠢ᠌ᠭᠢᠨ ᠶᠠᠭᠤᠨ ᠤ ᠳᠦᠯᠦᠭᠡ ᠭᠦᠭᠡᠷᠦᠭᠦᠢᠯᠡᠭᠦ ᠶᠤᠮ
ᠮᠠᠨ ᠤ ᠭᠠᠵᠠᠷ ᠤᠨ ᠬᠤᠨᠢ ᠢᠮᠠᠭ᠎ᠠ
ᠮᠡᠩᠭᠢᠷ ᠳᠠᠯ᠎ᠠ ᠪᠠᠷ ᠯᠠ ᠢᠳᠡᠰᠢᠯᠡᠳᠡᠭ᠌
ᠮᠠᠢ᠌ᠯᠠᠵᠤ ᠢᠷᠡᠭᠦ ᠬᠤᠷᠠᠭ᠎ᠠ ᠢᠰᠢᠭᠡ ᠪᠠᠨ
ᠴᠠᠭᠠᠨ ᠰᠦᠨ ᠶᠢᠡᠷ ᠶᠢᠡᠨ ᠥᠰᠭᠡᠳᠡᠭ᠌
ᠮᠢᠬ᠎ᠠ᠂ ᠥᠭᠡᠭᠦ ᠶᠢ ᠢᠳᠡᠭᠦ ᠦᠶᠡᠰ
ᠭᠦᠭᠡᠷᠦᠭᠦᠢ ᠭᠡᠵᠤ ᠪᠣᠳᠤᠳᠠᠭ ᠦᠭᠡᠶ ᠪᠠᠢ᠌ᠳᠠᠯ᠎ᠠ ᠶᠢᠡᠨ
ᠮᠠᠩᠭ᠋ᠤᠰ ᠠᠳᠠᠯᠠᠢ ᠵᠢᠭᠠᠰᠤᠨ ᠠᠢ᠌ᠮᠠᠭ ᠢ
ᠶᠠᠭᠤᠨ ᠳᠤ ᠦᠷᠦ ᠡᠪᠠᠳᠳᠡᠭ᠌ ᠶᠤᠮ︖
ᠵᠢᠭᠠᠰᠤ ᠢᠳᠠᠵᠤ ᠰᠤᠷᠵᠠᠭᠠ
ᠵᠢᠷᠭᠠᠬᠠᠢ ᠶᠢ ᠨᠢ ᠭᠦᠷᠳᠡᠯ᠎ᠡ ᠢᠳᠡᠵᠡᠭᠡ︕
2009᠂ 9᠂ 30
ᠵᠤᠬᠢᠶᠠᠭᠴᠢ ᠶᠢᠨ ᠬᠠᠶᠢᠭ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ
ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2817
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ