ᠨᠡᠪᠲᠡᠷᠡᠨ ᠤᠷᠤᠬᠤ
ᠬᠠᠨᠢ ᠶᠢᠨ ᠢᠷᠦᠭᠡᠯ
᠊᠊᠊᠊᠊᠊᠊᠊᠊᠊᠊᠊᠊᠊᠊ ᠳᠠᠭᠤᠨ ᠤ ᠥᠭᠡ


ᠢᠯᠳᠠᠮᠬᠠᠨ ᠵᠠᠩ ᠲᠡᠶ ᠪᠦᠰᠡᠭᠦᠢ ᠴᠢᠮ᠎ᠠ ᠲᠡᠶ ᠪᠠᠨ

ᠶᠠᠭ ᠯᠠ ᠢᠩᠭᠢᠵᠤ ᠣᠴᠠᠷᠠᠨ᠎ᠠ ᠭᠡᠵᠤ ᠪᠣᠳᠤᠭ᠎ᠠ ᠥᠭᠡᠢ

ᠶᠠᠭ ᠯᠠ ᠢᠩᠭᠢᠵᠤ ᠣᠴᠠᠷᠠᠬᠤ ᠳᠤᠰᠤᠮ ᠵᠢᠠᠨ

ᠢᠨᠠᠭ ᠤᠨ ᠰᠡᠳᠭᠢᠯ ᠳᠦᠷᠤᠨ᠎ᠠ ᠭᠡᠵᠤ ᠰᠠᠨᠠᠭ᠎ᠠ ᠥᠭᠡᠢ

       ᠠᠢ︕ ᠬᠤᠩᠭ᠋ᠤᠷ ᠮᠢᠨᠢ

       ᠢᠯᠳᠠᠮᠬᠠᠨ ᠵᠠᠩ ᠲᠡᠶ ᠬᠤᠩᠭ᠋ᠤᠷ ᠮᠢᠨᠢ ᠳ᠋ᠠ᠂

ᠭᠦᠭᠡᠷᠦᠭᠦᠨ ᠳᠦᠷᠦᠭ᠍ᠰᠡᠨ ᠪᠦᠰᠡᠭᠦᠢ ᠴᠢᠮ᠎ᠠ ᠲᠡᠶ ᠪᠠᠨ

ᠭᠦᠭᠯᠡᠷᠡᠨ ᠪᠠᠢ᠌ᠵᠤ ᠣᠴᠠᠷᠠᠨ᠎ᠠ ᠭᠡᠵᠤ ᠪᠣᠳᠤᠭ᠎ᠠ ᠥᠭᠡᠢ

ᠭᠦᠭᠯᠡᠷᠡᠨ ᠪᠠᠢ᠌ᠵᠤ ᠣᠴᠠᠷᠠᠬᠤ ᠳᠤᠰᠤᠮ ᠵᠢᠠᠨ

ᠬᠠᠢ᠌ᠷ᠎ᠠ ᠶᠢᠨ ᠰᠡᠳᠭᠢᠯ ᠳᠦᠷᠤᠨ᠎ᠠ ᠭᠡᠵᠤ ᠰᠠᠨᠠᠭ᠎ᠠ ᠦᠭᠡᠶ᠂

       ᠠᠢ︕ ᠪᠦᠰᠡᠭᠦᠢ ᠮᠢᠨᠢ

       ᠪᠦᠷᠦᠩᠭᠡᠨ ᠵᠠᠩ ᠲᠡᠶ ᠪᠦᠰᠡᠭᠦᠢ ᠮᠢᠨᠢ︕

ᠰᠠᠢ᠌ᠬᠠᠨ ᠳᠦᠷᠦᠭ᠍ᠰᠡᠨ ᠪᠦᠰᠡᠭᠦᠢ ᠴᠢᠮ᠎ᠠ ᠲᠡᠶ ᠪᠠᠨ

ᠰᠠᠭᠠᠷᠠᠨ ᠪᠠᠢ᠌ᠵᠤ ᠣᠴᠠᠷᠠᠨ᠎ᠠ ᠭᠡᠵᠤ ᠪᠣᠳᠤᠭ᠎ᠠ ᠦᠭᠡᠶ᠂

ᠰᠠᠭᠠᠷᠠᠨ ᠪᠠᠢ᠌ᠵᠤ ᠣᠴᠠᠷᠠᠬᠤ ᠳᠤᠰᠤᠮ ᠵᠢᠠᠨ

ᠰᠠᠨᠠᠭ᠎ᠠ ᠰᠡᠳᠭᠢᠯ ᠨᠠᠢ᠌ᠯᠠᠨ᠎ᠠ ᠭᠡᠵᠤ ᠮᠡᠳᠡᠭᠡ ᠦᠭᠡᠶ᠂

       ᠠᠢ︕ ᠬᠠᠨᠢ ᠮᠢᠨᠢ

       ᠬᠠᠢ᠌ᠯᠭᠠᠨ ᠵᠠᠩ ᠲᠡᠶ᠂ ᠬᠠᠨᠢ ᠮᠢᠨᠢ

       ᠠᠢ︕ ᠪᠦᠰᠡᠭᠦᠢ ᠮᠢᠨᠢ

       ᠪᠦᠷᠦᠩᠭᠡᠨ ᠵᠠᠩ ᠲᠡᠶ᠂ ᠪᠦᠰᠡᠭᠦᠢ ᠮᠢᠨᠢ᠃


              2009.6.16


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ