ᠨᠡᠪᠲᠡᠷᠡᠨ ᠤᠷᠤᠬᠤ
ᠳᠤᠷᠠᠯᠠᠯ ᠡᠴᠠ ᠭᠠᠳᠠᠭᠤᠷᠭᠢ ᠪᠦᠰᠡᠭᠦᠢ

ᠣᠯᠠᠨ ᠢᠷᠡᠭ᠍ᠰᠡᠨ ᠴᠤ ᠴᠠᠢ ᠲᠡᠶ

ᠣᠷᠤᠢ ᠢᠷᠡᠭ᠍ᠰᠡᠨ ᠴᠤ ᠵᠠᠢ ᠲᠡᠶ

ᠵᠠᠮ ᠳᠠᠭᠠᠷᠠᠪᠠᠯ ᠣᠷᠤᠳᠠᠭ ᠯᠠ ᠠᠢ᠌ᠯ

ᠵᠠᠪᠰᠢᠶᠠᠨ ᠳᠠᠭᠠᠷᠠᠪᠠᠯ ᠬᠤᠨᠤᠳᠠᠭ ᠯᠠ ᠪᠦᠰᠡᠭᠦᠢ

ᠠᠪᠠᠭ᠎ᠠ ᠪᠠᠨ ᠭᠡᠵᠤ ᠨᠠᠮᠢ᠋ᠢ ᠡ᠊ᠨᠳᠡᠭᠦᠷᠡᠳᠡᠭ᠌  

ᠠᠯᠬᠤᠵᠤ ᠰᠤᠷᠤᠭ᠎ᠠ ᠦᠭᠡᠶ ᠵᠢᠭᠠᠬᠠᠨ ᠦᠬᠢᠨ ᠲᠡᠶ

ᠠᠯᠳᠠᠭ᠎ᠠ ᠪᠦᠭᠦᠨ ᠢ ᠭᠠᠳᠠᠨ᠎ᠠ ᠪᠠᠨ ᠣᠨᠢᠰᠤᠯᠠᠵᠤ

ᠠᠯᠠᠭ ᠪᠢᠰᠢ ᠬᠤᠨᠤᠭᠤᠯᠳᠠᠭ ᠳᠤᠯᠠᠭᠠᠨ ᠦᠷᠦᠭᠡ ᠲᠡᠶ

ᠪᠠᠯᠪᠠᠰᠤᠷᠠᠯ ᠦᠨᠦᠴᠢᠷᠠᠯ ᠤᠨ ᠭᠦᠢᠳᠡᠨ ᠭᠤᠨᠢᠭ ᠲᠤ

ᠪᠠᠭᠡᠷᠡᠵᠤ ᠴᠤᠴᠢᠷᠳᠠᠭᠰᠠᠨ ᠰᠠᠢ᠌ᠬᠠᠨ ᠨᠢᠳᠤᠨ

ᠥᠩᠭᠡ ᠥᠩᠭᠡ ᠶᠢᠨ ᠨᠢᠳᠤᠨ ᠳᠤ ᠣᠩᠰᠢᠭᠳᠠᠭᠰᠠᠨ

ᠣᠠᠴᠠ ᠶᠢᠨ ᠭᠦᠭᠡᠷᠦᠭᠦᠨ ᠵᠤᠪᠠᠯᠠᠩᠳᠤ ᠪᠦᠰᠡᠭᠦᠢ

ᠰᠡᠳᠭᠢᠯ ᠢ ᠮᠢᠨᠢ ᠠᠪᠣᠨ᠎ᠠ ᠭᠡᠵᠤ ᠠᠭᠠᠰᠢᠯᠠᠳᠠᠭ ᠦᠭᠡᠶ ᠭᠢᠷᠢ ᠨᠢ

ᠰᠡᠳᠭᠢᠯ ᠳᠡᠭᠡᠨ ᠨᠠᠮᠢ᠋ᠢ ᠬᠤᠨᠤᠭᠤᠯᠳᠠᠭ ᠪᠦᠰᠡᠭᠦᠢ

ᠡᠭᠡᠨᠡᠷ ᠲᠡᠭᠡᠨ ᠴᠢ ᠭᠡᠯᠡᠭᠦᠵᠡᠢ ︕ ᠭᠡᠳᠡᠭ᠌

ᠳᠤᠷᠠᠯᠠᠯ ᠡᠴᠠ ᠭᠠᠳᠠᠭᠤᠷᠭᠢ ᠭᠦᠭᠡᠷᠦᠭᠦᠨ ᠪᠦᠰᠡᠭᠦᠢ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ  ᠶᠡᠭᠡᠡᠦᠰᠤ ᠰᠤᠮᠤ

ᠵᠤᠬᠢᠶᠠᠭᠴᠢ᠄ ᠷ·ᠨᠡᠷᠡ᠊ᠨᠳᠡᠭᠦᠰ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2642
ᠴᠠᠭ᠄ 2011 ᠤᠨ ᠤ 10 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ