☆ ᠬᠠᠩᠭᠢᠴᠤᠳ ᠴᠤᠯᠮᠤᠨᠭᠡᠷᠡᠯ
ᠮᠢᠨᠤ ᠬᠠᠢ᠌ᠷ᠎ᠠ
ᠮᠠᠴᠤᠭ ᠪᠠᠷᠢᠨ ᠳᠡᠭ᠍ᠷᠢ ᠳᠡᠭᠡᠨ ᠳᠠᠭᠠᠳᠬᠠᠨ
ᠮᠠᠩᠬᠠᠨ ᠨᠤᠳᠤᠭ ᠶᠢᠡᠨ ᠮᠠᠩᠨᠤᠭ ᠪᠣᠯᠭᠠᠭᠰᠠᠨ
ᠮᠠᠯᠴᠢᠨ ᠡᠵᠢ ᠶᠢᠨ ᠪᠦᠪᠠᠢ ᠳᠤ ᠪᠣᠢ᠌ᠵᠢᠭᠰᠠᠨ
ᠮᠠᠩᠬᠠᠨ ᠤ ᠭᠦᠤ ᠣᠩᠭ᠋ᠤᠨ ᠬᠠᠢ᠌ᠷ᠎ᠠ ᠮᠢᠨᠢ᠃
ᠣᠨᠠᠭᠠᠨ ᠪᠠᠭ᠎ᠠ ᠡᠴᠠ ᠠᠷᠤᠭ ᠡᠭᠦᠷᠤᠨ
ᠠᠭᠤᠯᠠ ᠶᠢᠨ ᠪᠠᠯ ᠶᠢᠡᠷ ᠠᠷᠭᠠᠯ ᠳᠡᠭᠦᠨ
ᠣᠭᠠᠯᠵᠠ ᠭᠦᠭᠡᠭᠡᠨ ᠨᠠᠭᠠᠳᠴᠤ ᠥᠰᠦᠭ᠍ᠰᠡᠨ
ᠠᠭᠤᠯᠠᠨ ᠤ ᠭᠦᠤ ᠦᠨᠡᠠᠴᠢ ᠬᠠᠢ᠌ᠷ᠎ᠠ ᠮᠢᠨᠢ᠃
ᠳᠡᠷᠭᠡᠳᠡ ᠮᠢᠨᠢ ᠦᠭᠡᠶ ᠴᠤ
ᠳᠡᠭᠡᠳᠤ ᠳᠤ ᠪᠣᠢ
ᠳᠡᠩᠳᠡᠭᠦᠤ ᠬᠠᠢ᠌ᠷ᠎ᠠ ᠪᠠᠷ ᠶᠢᠡᠨ ᠨᠠᠮᠢ᠋ᠢ ᠪᠦᠪᠠᠢ᠌ᠯᠡᠭ᠍ᠰᠡᠨ
ᠳᠡᠨᠡᠭ᠍ᠭᠡᠨ ᠭᠦᠤ ᠣᠬᠠᠭᠠᠨ ᠦᠭᠡᠶ ᠬᠠᠢ᠌ᠷ᠎ᠠ ᠮᠢᠨᠢ᠃
ᠰᠢᠳᠠᠮ ᠪᠠᠷᠢᠵᠤ ᠮᠠᠯ ᠶᠢᠡᠨ ᠮᠠᠨᠠᠭᠰᠠᠨ
ᠰᠢᠵᠢᠷ ᠨᠠᠷᠠᠨ ᠤ ᠦᠨᠦᠷ ᠬᠠᠩᠬᠤᠯᠤᠭᠤᠯᠤᠭᠰᠠᠨ
ᠰᠠᠴᠠᠨ ᠡᠵᠢ ᠶᠢᠨ ᠬᠠᠢ᠌ᠷ᠎ᠠ ᠳᠤ ᠭᠦᠮᠦᠵᠢᠭ᠍ᠳᠡᠭ᠍ᠰᠡᠨ
ᠰᠢᠯᠢ ᠶᠢᠨ ᠭᠦᠤ ᠦᠨᠢᠳᠠ ᠶᠢᠨ ᠬᠠᠢ᠌ᠷ᠎ᠠ ᠮᠢᠨᠢ᠃
ᠪᠣᠰᠤᠭ᠎ᠠ ᠰᠤᠶᠤᠯ ᠳᠠᠢ
ᠪᠣᠳᠤᠯᠭ᠎ᠠ ᠣᠬᠠᠭᠠᠨ ᠳᠠᠢ
ᠪᠣᠭᠤᠷᠤᠯ ᠤᠨ ᠰᠠᠢ᠌ᠬᠠᠨ ᠰᠤᠷᠭᠠᠯ ᠳᠠᠢ
ᠮᠤᠩᠭ᠋ᠤᠯ ᠭᠦᠤ ᠮᠢᠨᠤ ᠬᠠᠢ᠌ᠷ᠎ᠠ ᠡ ︕
ᠵᠤᠬᠢᠶᠠᠭᠴᠢ ᠶᠢᠨ ᠬᠠᠶᠢᠭ ᠄ ᠣᠷᠳᠤᠰ
ᠵᠤᠬᠢᠶᠠᠭᠴᠢ᠄ ᠬᠠᠩᠭᠢᠴᠤᠳ ᠴᠤᠯᠮᠤᠨᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ